ᠪᠠᠯᠭᠠᠨᠰᠠᠩ ᠨᠢᠭᠡᠨ ᠡᠳᠤᠷ ᠪᠠᠯᠵᠤᠤᠷ ᠭᠡᠳᠡᠭ ᠪᠠᠶᠠᠨ᠂ ᠪᠠᠭ᠎ᠠ ᠬᠠᠳᠤᠨ ᠪᠠᠨ ᠲᠦᠷᠬᠦᠮ ᠠᠴᠠ ᠨᠢ ᠲᠤᠰᠴᠤ | ᠠᠪᠴᠢᠷᠠᠬᠤ ᠪᠠᠷ ᠶᠠᠪᠤᠬᠤ ᠶᠢ ᠰᠤᠨᠤᠰᠪᠠ᠃ ᠡᠨᠡ ᠪᠠᠶᠠᠨ ᠢ ᠡᠳ᠋ ᠮᠦᠡᠭᠬᠦᠨ ᠳᠤ ᠬᠤᠪᠳᠤᠭ ᠬᠤᠮᠤᠬᠠᠢ ᠠᠮᠢᠳᠠᠨ ᠢ | ᠪᠠᠯᠭᠠᠨᠰᠠᠩ ᠮᠡᠳᠡᠳᠡᠭ ᠲᠤᠯᠠ ᠬᠤᠱᠤᠩᠨᠠᠵᠤ ᠦᠵᠡᠶ᠎ᠡ ᠭᠡᠵᠤ ᠪᠤᠳᠤᠭᠠᠳ᠂ ᠠᠯᠢ ᠵᠠᠮ ᠢᠶᠠᠷ ᠶᠠᠪᠤᠬᠤ ᠶᠢ ᠨᠢ | ᠰᠤᠷᠠᠭᠯᠠᠵᠤ ᠮᠡᠳᠡᠪᠡ᠃ ᠲᠠᠷᠠᠭ᠎ᠠ ᠡᠳᠤᠷ ᠤᠨ ᠬᠢᠨᠢ ᠦᠷᠯᠦᠭᠡ ᠡᠷᠳᠡ᠂ ᠪᠠᠯᠭᠠᠨᠰᠠᠩ ᠬᠤᠨᠢᠨ ᠲᠠᠪᠤᠰᠠᠩ ᠳᠤ | ᠭᠠᠶᠢᠭᠤᠶᠢᠬᠠᠨ ᠬᠡᠢ ᠤᠷᠤᠭᠤᠯᠵᠤ ᠲᠡᠨᠡᠶᠢᠯᠭᠡᠭᠡᠳ ᠬᠦᠶᠦᠭᠡᠨ ᠭᠤᠤᠯ ᠤᠨ ᠤᠰᠤᠨ ᠳᠤ ᠵᠢᠵᠢᠭ ᠴᠢᠯᠠᠭᠤ ᠲᠡᠬᠦᠵᠢᠯᠡᠨ | ᠲᠡᠭᠳᠡᠭᠡᠨ ᠲᠠᠯᠪᠢᠪᠠ᠃ ᠲᠡᠭᠡᠭᠡᠳ ᠦᠪᠡᠷ ᠢᠶᠠᠨ ᠭᠤᠤᠯ ᠤᠨ ᠬᠦᠪᠡᠭᠡ ᠤ ᠵᠦᠯᠭᠡᠨ ᠲᠡᠭᠡᠷ᠎ᠡ ᠤᠷᠠᠩᠬᠠᠢ ᠤᠷᠬᠢᠮᠵᠢ | ᠨᠦᠮᠦᠷᠤᠨ ᠨᠠᠭᠤᠢ ᠡᠷᠳᠡᠮᠳᠡᠨ ᠬᠤᠸᠠᠷᠠᠭ ᠰᠢᠭ ᠨᠢᠳᠤ ᠰᠡᠶᠢᠮᠡᠶᠢᠯᠭᠡᠨ ᠮᠠᠨᠢ ᠲᠤᠭᠤᠯᠠᠵᠤ ᠨᠤᠮ ᠤᠡᠭᠰᠢᠨ ᠰᠠᠭᠤᠵᠤ᠂ | ᠪᠠᠶᠠᠨ ᠤ᠂ ᠵᠠᠮ ᠶᠢ ᠨᠢ ᠲᠤᠰᠴᠤ ᠰᠠᠭᠤᠵᠤ ᠪᠠᠶᠢᠯ᠎ᠠ᠃ ᠲᠡᠮᠡᠢ ᠤᠳᠠᠭᠰᠠᠨ ᠦᠭᠡᠢ ᠪᠠᠶᠠᠨ ᠰᠠᠷᠠᠯ ᠮᠤᠷᠢ ᠤᠨᠤᠵᠤ | ᠰᠡᠯᠮᠡ ᠰᠤᠶᠢᠷᠠᠨ᠂ ᠬᠦᠯᠦᠭ ᠮᠤᠷᠢᠨ ᠤ ᠪᠠᠨ ᠴᠢᠨᠡᠭᠡ ᠪᠠᠷ ᠲᠠᠪᠬᠢᠭᠤᠯᠤᠭᠰᠠᠭᠠᠷ ᠭᠤᠤᠯ ᠤᠨ ᠤᠯᠤᠮ ᠲᠡᠭᠡᠷ᠎ᠡ | ᠬᠦᠷᠴᠤ ᠢᠷᠡᠪᠡ᠃ ᠪᠠᠯᠭᠠᠨᠰᠠᠩ ᠢ ᠦᠵᠡᠭᠡᠳ ᠭᠠᠶᠢᠬᠠᠰᠢ ᠠᠯᠳᠠᠨ᠄ ︿︿ᠪᠠᠯᠭᠠᠨᠰᠠᠩ ᠴᠢ ᠶᠠᠭᠤᠨ ᠳᠤ ᠪᠠᠳᠢᠷ | ᠭᠤᠶᠤᠬᠤ ᠪᠠᠷ ᠶᠠᠪᠤᠬᠤ ᠦᠭᠡᠢ᠂ ᠬᠠᠷᠢᠨ ᠬᠠᠷ᠎ᠠ ᠦᠷᠯᠦᠭᠡᠬᠦᠷ᠂ ᠶᠠᠭᠤ ᠬᠢᠵᠤ ᠪᠠᠶᠢᠬᠤ ᠪᠤᠢ︖﹀﹀ ᠭᠡᠵᠤ | ᠬᠠᠰᠬᠢᠷᠤᠨ ᠠᠰᠠᠭᠤᠪᠠ᠃ | ᠪᠠᠯᠭᠠᠨᠰᠠᠩ ᠪᠠᠭ᠋ᠠᠨ ᠰᠤᠴᠢᠰᠬᠢᠵᠤ ᠠᠪᠤᠭᠰᠠᠨ ᠢᠶᠠᠨ ᠤᠪᠯᠠᠵᠤ᠄ ︿︿ᠡᠪᠡᠤ︕ ᠨᠤᠶᠠᠨ ᠪᠠᠶᠢᠨ᠎ᠠ ᠰᠢᠳᠡ᠂ | ᠪᠤᠷᠬᠠᠨ ᠭᠤᠷᠪᠠᠨ ᠡᠷᠳᠡᠨᠢ ᠡ︕ ᠪᠢ ᠬᠠᠷᠢᠨ ᠬᠡᠨ ᠪᠤᠯᠴᠢᠬᠠᠪᠠ ᠭᠡᠵᠤ ᠪᠤᠳᠤᠯ᠎ᠠ᠃ ᠪᠢ ᠤᠳᠤ ᠬᠤᠷᠸ᠎ᠠ | ᠶᠢᠷᠳᠢᠨᠴᠤ ᠳᠤ ᠦᠭᠡᠢ ᠬᠤᠪᠤᠷ ᠴᠤᠬᠠᠭ ᠡᠷᠳᠡᠨᠢ ᠤᠯᠬᠤ ᠪᠠᠷ ᠬᠤᠪᠢᠯᠭᠠᠨ ᠨᠤᠮ ᠪᠢᠰᠢᠯᠭᠠᠨ ᠰᠠᠭᠤᠵᠤ ᠪᠠᠶᠢᠨ᠎ᠠ ᠰᠢᠤ | ︕ ᠬᠠᠪᠴᠢᠭ ᠡᠬᠦᠷᠴᠤ ᠪᠠᠳᠢᠷ ᠭᠤᠶᠤᠬᠤ ᠪᠠᠨ ᠠᠯᠢ ᠬᠡᠵᠢᠶᠡᠨᠠᠢ ᠪᠤᠯᠢᠴᠢᠬᠠᠭᠰᠠᠨ ᠰᠢᠤ﹀﹀ ᠭᠡᠪᠡ᠃ | ᠲᠡᠬᠦᠨ ᠢ ᠬᠤᠷᠸ᠎ᠠ ᠳᠤ ᠦᠭᠡᠢ ᠬᠤᠪᠤᠷ ᠴᠤᠬᠠᠭ ᠡᠷᠳᠡᠨᠢ ᠤᠯᠬᠤ ᠭᠡᠰᠡᠨ ᠢ ᠰᠤᠨᠤᠰᠤᠭᠰᠠᠨ ᠪᠠᠶᠠᠨ | ᠲᠤᠤᠷ᠎ᠠ ᠪᠠᠨ ᠬᠤᠮᠤᠬᠠᠢ ᠰᠠᠨᠠᠭ᠎ᠠ ᠬᠤᠪᠳᠤᠭ ᠭᠤᠷᠢ ᠨᠢ ᠬᠦᠳᠡᠯᠵᠤ᠄ ︿︿ᠶᠠᠮᠠᠷ ᠡᠷᠳᠡᠨᠢ ᠶᠤᠮ︖ ᠬᠠᠮᠢᠭ᠎ᠠ | ᠪᠠᠶᠢᠬᠤ ᠪᠤᠢ︖﹀﹀ ᠭᠡᠵᠤ ᠰᠠᠨᠳᠤᠷᠤᠨ ᠠᠰᠠᠭᠤᠪᠠ᠃ | ᠡᠨᠡ ᠦᠶᠡᠰ᠂ ᠤᠷᠭᠤᠬᠤ ᠨᠠᠷᠠᠨ ᠤ ᠤᠯᠠᠪᠡᠷ ᠲᠤᠶᠠᠭ᠎ᠠ ᠭᠤᠤᠯ ᠤᠨ ᠲᠤᠮᠳᠠ ᠬᠦᠪᠦᠵᠤ ᠪᠠᠶᠢᠭ᠎ᠠ ᠲᠠᠪᠤᠰᠠᠩ | ᠲᠡᠭᠡᠷ᠎ᠡ ᠲᠤᠰᠴᠤ ᠤᠯᠠᠰ ᠤᠯᠠᠰ ᠬᠢᠯᠠᠯᠵᠠᠨ᠎ᠠ᠃ ᠪᠠᠯᠭᠠᠨᠰᠠᠩ ᠭᠤᠤᠯ ᠲᠤᠳᠤᠷᠠᠬᠢ ᠬᠤᠨᠢᠨ ᠲᠠᠪᠤᠰᠠᠩ ᠢ ᠵᠢᠭᠠᠵᠤ᠄ ︿ | ︿ᠦᠵᠡᠰᠡ᠂ ᠦᠨ᠎ᠡ ᠪᠡᠨ᠎ᠡ ᠲᠠᠢ ᠡᠷᠳᠡᠨᠢ ᠲᠡᠨᠳᠡ ᠪᠠᠶᠢᠬᠤ ᠦᠭᠡᠢ ᠤᠤ︕ ᠭᠡᠰᠡᠨ ᠳᠤ᠂ ᠪᠠᠶᠠᠨ ᠦᠡᠭᠭᠡ ᠢᠯᠭᠠᠷᠠᠨ | ᠬᠦᠪᠦᠵᠤ ᠪᠠᠶᠢᠭ᠎ᠠ ᠨᠢᠭᠡᠨ ᠰᠤᠨᠢᠬᠠᠨ ᠶᠠᠭᠤᠮ᠎ᠠ ᠶᠢ ᠪᠠᠶᠢᠮ ᠬᠤᠯᠠ ᠠᠴᠠ ᠤᠯᠵᠤ ᠦᠵᠡᠭᠡᠳ᠂ ᠦᠵᠡᠰᠡ᠂ | ᠦᠨᠡᠭᠡᠷᠡᠨ ᠡᠷᠳᠡᠨᠢ ᠶᠤᠮ ᠪᠠᠶᠢᠨ᠎ᠠ ᠭᠡᠵᠤ ᠦᠨᠡᠮᠰᠢᠨ ᠪᠤᠳᠤᠭᠠᠳ᠂ ᠪᠠᠯᠭᠠᠨᠰᠠᠩ ᠠᠴᠠ ᠴᠢ ᠶᠠᠭᠤᠨ ᠳᠤ ᠲᠡᠬᠦᠨ ᠢ | ᠲᠦᠷᠭᠡᠨ ᠤᠴᠢᠵᠤ ᠠᠪᠬᠤ ᠦᠭᠡᠢ ᠪᠤᠢ ᠭᠡᠵᠤ ᠠᠰᠠᠭᠤᠪᠠ᠃ ᠲᠡᠭᠡᠳᠡᠯ᠎ᠡ ᠪᠠᠯᠭᠠᠨᠰᠠᠩ ᠪᠠᠭ᠋ᠠᠨ ᠪᠤᠳᠤᠰᠬᠢᠭᠡᠳ᠄ ︿︿ | ᠦᠭᠡᠢ᠂ ᠡᠨᠡ ᠡᠷᠳᠡᠨᠢ ᠶᠢ ᠪᠤᠯ ᠵᠠᠪᠠᠯ ᠨᠢᠭᠡᠨ ᠪᠤᠶᠠᠨ ᠶᠡᠬᠡᠳᠤ ᠬᠦᠮᠦᠨ ᠯᠦᠭᠡ ᠬᠠᠮᠳᠤ ᠡᠳ᠋ᠯᠡᠬᠦ ᠬᠡᠷᠡᠭᠳᠠᠢ ᠭᠡᠵᠤ | ᠭᠤᠤᠯ ᠤᠨ ᠰᠠᠬᠢᠭᠤᠯᠰᠤᠨ ᠨᠠᠳᠠᠳᠤ ᠰᠦᠨᠢ ᠵᠡᠬᠦᠳᠦ ᠬᠠᠶᠢᠷᠠᠯᠠᠵᠠᠢ᠃ ᠡᠶᠢᠮᠤ ᠠᠴᠠ ᠪᠢ ᠭᠠᠭᠴᠠᠭᠠᠷ ᠢᠶᠠᠨ ᠲᠡᠬᠦᠨ ᠢ | ᠠᠪᠴᠢᠷᠠᠵᠤ ᠲᠡᠶᠢᠯᠬᠦ ᠦᠭᠡᠢ ᠰᠢᠤ﹀﹀ ᠭᠡᠵᠤ ᠲᠡᠬᠦᠨ ᠳᠤ ᠬᠡᠯᠡᠪᠡ᠃ ᠡᠬᠦᠨ ᠢ ᠰᠤᠨᠤᠰᠤᠭᠰᠠᠨ ᠪᠠᠶᠠᠨ ᠤ ᠬᠤᠮᠤᠬᠠᠢ | ᠰᠠᠨᠠᠭ᠎ᠠ ᠨᠢ ᠬᠦᠳᠡᠯᠵᠤ ᠪᠠᠷᠢᠵᠤ ᠲᠠᠯᠪᠢᠬᠤ ᠪᠠᠨ ᠤᠯᠬᠤ ᠦᠭᠡᠢ ᠪᠠᠶᠠᠷᠯᠠᠬᠤ ᠶᠢᠨ ᠶᠡᠬᠡᠪᠡᠷ ᠪᠠᠶᠠᠷᠯᠠᠵᠤ᠂ | ᠪᠠᠯᠭᠠᠨᠰᠠᠩ ᠠᠴᠠ ᠵᠤᠷᠢᠭᠤᠳᠠ᠄ ︿︿ᠪᠢ ᠴᠢᠨᠢ ᠪᠤᠶᠠᠨ ᠲᠠᠢ ᠬᠦᠮᠦᠨ ᠪᠢᠰᠢᠤ︖﹀﹀ ᠭᠡᠵᠤ ᠶᠠᠭᠠᠷᠠᠨ ᠠᠰᠠᠭᠤᠪᠠ᠃ | | ᠪᠠᠯᠭᠠᠨᠰᠠᠩ᠄ ︿︿ᠤᠤᠬᠠᠢ᠂ ᠲᠡᠶᠢᠮᠤ ᠪᠠᠶᠢᠯᠬᠦᠢ ᠳ᠋ᠠ︕ ᠨᠤᠶᠠᠨ ᠲᠠ ᠴᠢᠨᠢ ᠲᠦᠷᠦᠯᠬᠢ ᠪᠤᠶᠠᠨ ᠲᠠᠢ | ᠭᠤᠤᠯ ᠤᠨ ᠰᠠᠬᠢᠭᠤᠯᠰᠤᠨ ᠪᠠᠯᠭᠠᠨᠰᠠᠩ ᠨᠠᠳᠠᠳᠤ ᠵᠡᠬᠦᠳᠤ ᠬᠠᠶᠢᠷᠠᠯᠠᠬᠤ ᠳᠠᠭᠠᠨ ᠪᠠᠰᠠ ᠲᠠᠨ ᠢ ᠯᠠ ᠰᠠᠶ᠋ᠢ ᠪᠤᠶᠠᠨ | ᠶᠡᠬᠡᠳᠠᠢ ᠬᠦᠮᠦᠨ ᠭᠡᠰᠡᠨ ᠪᠢᠰᠢᠤ︕﹀﹀ ᠭᠡᠪᠡ᠃ ᠪᠠᠯᠭᠠᠨᠰᠠᠩ ᠤᠨ ᠡᠨᠡ ᠮᠡᠳᠤ ᠪᠠᠭ᠋ᠠᠳᠤᠨ ᠮᠠᠭᠳᠠᠬᠤ ᠶᠢ | ᠰᠤᠨᠤᠰᠤᠭᠠᠳ ᠪᠠᠶᠠᠨ ᠲᠤᠬᠤ ᠦᠭᠡᠢ ᠲᠤᠩᠬᠤᠯᠵᠠᠨ ᠪᠠᠶᠠᠷᠯᠠᠪᠠ᠃ ᠬᠡᠵᠢᠶ᠎ᠡ ᠡᠬᠦᠷᠢᠳᠡ ᠬᠠᠰᠢᠭ ᠬᠠᠷᠠᠮᠴᠢ ᠪᠠᠶᠢᠳᠠᠭ | ᠪᠠᠶᠠᠨ ᠭᠡᠨᠡᠳᠳᠡ ᠬᠠᠷᠠᠮ ᠬᠤᠷᠤᠮ ᠦᠭᠡᠢ ᠪᠤᠯᠵᠤ᠂ ᠦᠪᠡᠷ ᠤᠨ ᠵᠠᠮ ᠳᠠᠭᠠᠨ ᠢᠳᠡᠬᠦ ᠪᠠᠷ ᠠᠪᠴᠤ ᠶᠠᠪᠤᠭ᠎ᠠ | ᠦᠷᠦᠮ᠎ᠡ ᠬᠤᠷᠤᠳ᠂ ᠬᠠᠳᠠᠭᠠᠭᠰᠠᠨ ᠪᠤᠷᠴᠠ᠂ ᠬᠦᠨᠦᠭ ᠲᠠᠢ ᠠᠶᠢᠷᠠᠭ ᠵᠡᠷᠭᠡ ᠶᠢ ᠴᠦᠮ ᠢ ᠠᠭᠤᠳᠠᠯᠤᠨ ᠭᠠᠷᠭᠠᠵᠤ | ᠪᠠᠯᠭᠠᠨᠰᠠᠩ ᠢ ᠲᠠᠶᠢᠯᠠᠪᠠ᠃ | ᠬᠡᠭᠡᠷ᠎ᠡ ᠭᠠᠳᠠᠨ᠎ᠠ ᠭᠤᠤᠯ ᠤᠨ ᠬᠦᠪᠡᠭᠡᠨ ᠳᠤ ᠬᠦᠨᠦᠰᠦᠯᠡᠬᠦ᠂ ᠭᠡᠳᠡᠭ ᠬᠤᠪᠢ ᠶᠢᠨ ᠭᠠᠳᠠᠨ᠎ᠠ ᠠᠮᠳᠠ | ᠰᠢᠮᠳᠠ ᠲᠠᠢ ᠶᠤᠮ ᠪᠠᠶᠢᠨ᠎ᠠ ᠰᠢᠤ᠃ ᠠᠮᠳᠠ ᠰᠢᠮᠳᠠ ᠲᠠᠢ ᠢᠳᠡᠭᠡᠨ ᠢ ᠨᠢ ᠢᠳᠡᠵᠤ ᠰᠠᠭᠤᠬᠤ ᠵᠠᠭᠤᠷ᠎ᠠ ᠪᠠᠶᠠᠨ᠄ ︿︿ | ᠨᠢᠭᠡᠯᠭᠡᠨ ᠡᠷᠳᠡᠨᠢ ᠶᠤᠮ ᠴᠢᠨᠢ᠂ ᠪᠢᠳᠡ ᠬᠤᠶᠠᠷ ᠤᠨ ᠴᠤᠬᠤᠮ ᠬᠡᠨ ᠨᠢ ᠠᠪᠬᠤ ᠪᠢᠯᠡ︖﹀﹀ ᠭᠡᠵᠤ ᠰᠡᠳᠭᠢᠯ | ᠵᠤᠪᠠᠨᠢᠨ ᠠᠰᠠᠭᠤᠭᠰᠠᠨ ᠳᠤ ᠪᠠᠯᠭᠠᠨᠰᠠᠩ᠄ ︿︿ᠡᠷᠬᠢᠮ ᠨᠤᠶᠠᠨ ᠲᠠ ᠡᠭᠡᠯ ᠨᠠᠮ᠎ᠠ ᠶᠢ ᠬᠠᠮᠤᠭ ᠪᠠᠶᠢᠳᠠᠭ ᠢᠶᠠᠨ | ᠭᠠᠷᠭᠠᠵᠤ ᠬᠠᠷᠠᠮ ᠦᠭᠡᠢ ᠲᠠᠶᠢᠯᠵᠤ ᠪᠠᠶᠢᠭ᠎ᠠ ᠶᠤᠮ ᠴᠢᠨᠢ ᠶᠠᠷᠢᠶᠠᠨ ᠦᠭᠡᠢ ᠨᠤᠶᠠᠨ ᠲᠠᠨ ᠳᠤ ᠦᠭᠬᠦᠨ᠎ᠡ ᠭᠡᠰᠡᠨ ᠳᠤ | ᠪᠠᠶᠠᠨ᠂ ᠪᠠᠶᠠᠷᠯᠠᠨ ᠬᠦᠭᠰᠡᠵᠤ ᠪᠠᠯᠭᠠᠨᠰᠠᠩ ᠳᠤ ᠪᠠᠶᠢᠨ ᠪᠠᠶᠢᠨ ᠬᠤᠷᠤᠳ ᠲᠤᠰᠤ ᠪᠠᠨ ᠤᠶᠢᠷᠠᠳᠤᠭᠤᠯᠵᠤ ᠯᠠ ᠪᠠᠶᠢᠯ᠎ᠠ | ᠃ ᠪᠠᠯᠭᠠᠨᠰᠠᠩ ᠢᠳᠡᠬᠦ ᠶᠢᠨ ᠲᠠᠭᠠᠤ᠄ ︿︿ᠲᠠ ᠡᠨᠡ ᠡᠷᠳᠡᠨᠢ ᠶᠢ ᠤᠯᠤᠮᠠᠭᠴᠠ᠂ ᠡᠮᠤᠰᠴᠤ ᠢᠳᠡᠬᠦ᠂ ᠡᠳ᠋ᠯᠡᠵᠤ | ᠬᠡᠷᠡᠭᠯᠡᠬᠦ ᠶᠢᠷᠳᠢᠨᠴᠤ ᠲᠡᠭᠡᠷᠡᠬᠢ ᠠᠯᠢᠪᠠ ᠶᠠᠭᠤᠮ᠎ᠠ ᠪᠦᠬᠦᠨ ᠢ ᠬᠦᠰᠡᠭᠰᠡᠨ ᠶᠤᠰᠤᠭᠠᠷ ᠴᠢᠨᠢ ᠪᠦᠷ ᠴᠢᠮᠠᠳᠤ ᠢᠷᠡᠬᠦ | ᠪᠤᠯᠤᠨ᠎ᠠ᠃ ᠦᠯᠢᠳᠭᠡᠵᠤ ᠬᠡᠯᠡᠪᠡᠯ᠂ ᠦᠨᠳᠤᠷ ᠰᠦᠷᠯᠢᠭ ᠤᠷᠳᠤ ᠬᠠᠷᠰᠢ᠂ ᠤᠨᠤᠬᠤ ᠠᠴᠠ ᠪᠢᠯᠢᠭ ᠤᠨ ᠬᠡᠭᠡᠷ᠂ | ᠤᠬᠠᠭᠠᠨ ᠰᠠᠶᠢᠳᠠᠢ ᠭᠠᠨᠭ᠍ᠭᠠᠡᠭ ᠬᠡᠦᠬᠡᠨ᠂᠂᠂᠂᠂᠂᠂ ᠪᠠᠶᠢᠬᠤ ᠯᠠ ᠪᠤᠶᠠᠨ᠂ ᠪᠤᠳᠤᠵᠤ ᠰᠠᠨᠠᠭᠰᠠᠨ ᠢᠶᠠᠷ ᠴᠢᠨᠢ ᠪᠦᠷ | ᠢᠷᠡᠬᠦ ᠪᠤᠯᠤᠨ᠎ᠠ᠃ ᠪᠤᠶᠠᠨ ᠶᠡᠬᠡᠳᠤ ᠲᠠ᠂ ᠶᠠᠭᠤ ᠠᠪᠤᠶ᠎ᠠ ᠭᠡᠪᠡᠯ ᠪᠤᠮᠠ ᠡᠷᠳᠡᠨᠢ ᠳᠡᠭᠡᠨ ᠬᠡᠯᠡᠭᠰᠡᠭᠡᠷ ᠯᠡ ᠪᠤᠯᠴᠢᠬᠠᠨ᠎ᠠ | ᠰᠢᠤ᠃ ᠪᠠᠯᠭᠠᠨᠰᠠᠩ ᠢᠳᠡᠵᠤ ᠴᠠᠳᠤᠭᠠᠳ ᠪᠤᠰᠤᠨ ᠵᠤᠭᠰᠤᠵᠤ᠂ ᠪᠠᠶᠠᠨ ᠳᠤ᠄ ︿︿ᠪᠢ ᠤᠳᠤ ᠪᠤᠮᠠ ᠡᠷᠳᠡᠨᠢ ᠪᠠᠨ | ᠠᠪᠬᠤ ᠪᠠᠷ ᠤᠴᠢᠨ᠎ᠠ᠂ ᠲᠠ ᠬᠤᠪᠴᠠᠰᠤ ᠪᠠᠨ ᠲᠠᠶᠢᠯᠠᠵᠤ ᠨᠠᠳᠠᠳᠤ ᠡᠮᠤᠰᠭᠡᠬᠦ ᠪᠤᠯᠪᠠᠤ᠂ ᠤᠷᠠᠩᠬᠠᠢ ᠪᠤᠵᠠᠷ | ᠬᠤᠪᠴᠠᠰᠤ ᠲᠠᠢ ᠪᠢ ᠡᠷᠳᠡᠨᠢ ᠶᠢᠨ ᠬᠠᠪᠢ ᠳᠤ ᠤᠶᠢᠷᠠᠳᠴᠤ ᠪᠤᠯᠬᠤ ᠦᠭᠡᠢ ᠭᠡᠵᠤ ᠭᠤᠤᠯ ᠤᠨ ᠰᠠᠬᠢᠭᠤᠯᠰᠤᠨ | ᠨᠠᠳᠠᠳᠤ ᠬᠡᠯᠡᠭᠰᠠᠨ ᠶᠤᠮ﹀﹀ ᠭᠡᠪᠡ ᠬᠤᠪᠤᠷ ᠡᠷᠳᠡᠨᠢ ᠶᠢ ᠬᠤᠷᠤᠮᠬᠠᠨ ᠵᠠᠭᠤᠷ᠎ᠠ ᠭᠠᠷ ᠳᠠᠭᠠᠨ ᠠᠳᠬᠤᠵᠤ ᠠᠪᠬᠤ ᠪᠠᠷ | ᠬᠤᠪᠳᠤᠭ ᠰᠠᠨᠠᠭ᠎ᠠ ᠬᠡᠬᠦᠳᠡᠭ ᠲᠦᠬᠦᠷᠡᠩ ᠬᠦᠪᠡᠯᠵᠡᠵᠤ ᠪᠠᠶᠢᠭᠰᠠᠨ ᠲᠤᠯᠠ ᠬᠤᠪᠴᠠᠰᠤ ᠪᠠᠨ ᠱᠤᠯᠤᠪ ᠲᠠᠶᠢᠯᠤᠨ | ᠦᠭᠴᠤ ᠡᠮᠤᠰᠤᠬᠦᠯᠪᠡ᠃ | ᠪᠠᠯᠭᠠᠨᠰᠠᠩ᠂ ᠪᠠᠶᠠᠨ ᠤ ᠲᠡᠪᠡᠯ ᠬᠤᠪᠴᠠᠰᠤ ᠶᠢ ᠡᠮᠤᠰᠴᠤ ᠰᠠᠷᠠᠯ ᠮᠤᠷᠢ ᠶᠢ ᠨᠢ ᠤᠨᠤᠨ᠂ ᠰᠡᠯᠮᠡ ᠢᠶᠠᠷ ᠨᠢ | ᠲᠠᠪᠤᠰᠠᠩ ᠢ ᠡᠳᠤᠨ ᠦᠭᠴᠤ ᠪᠠᠷ᠎ᠠ ᠲᠤᠷᠤ ᠦᠭᠡᠢ ᠲᠠᠪᠬᠢᠭᠤᠯᠤᠨ ᠤᠳᠪᠠ᠃ ᠪᠠᠶᠠᠨ᠂ ᠨᠢᠴᠤᠭᠡᠨ ᠮᠦᠷᠳᠡᠭᠡᠨ | ᠭᠠᠭ᠋ᠠᠢ ᠶᠠᠪᠠᠭᠠᠨ ᠪᠤᠯᠵᠤ ᠭᠠᠴᠠᠭᠳᠠᠨ ᠰᠠᠭᠤᠪᠠ ᠭᠡᠨ᠎ᠡ᠃ ︵ᠨᠠᠷᠠᠨᠴᠢᠮᠡᠭ ᠤᠨ ᠪᠦᠷᠭᠡ ᠠᠴᠠ︶ |