ᠤᠯᠠᠭᠠᠨᠬᠠᠳᠠ ᠳᠤ ᠬᠤᠴᠤᠷᠠᠭᠰᠠᠨ ᠭᠡᠰᠡᠷ ᠤᠨ ᠤᠯᠠ ᠮᠥᠷ
ᠨᠡᠶᠢᠲᠡᠯᠡᠭᠰᠡᠨ ᠴᠠᠭ᠄
2017/12/5
      ᠭᠡᠰᠡᠷ ᠲᠠᠢ ᠬᠤᠯᠪᠤᠭᠳᠠᠭᠰᠠᠨ ᠳᠤᠮᠤᠭ ᠨᠢ ᠭᠤᠤᠯᠳᠠᠭᠤ ᠭᠠᠵᠠᠷ ᠤᠷᠤᠨ ᠤ ᠤᠨᠴᠠᠯᠢᠭ ᠲᠠᠢ ᠪᠠᠶᠢᠳᠠᠭ᠃ ᠭᠡᠰᠡᠷ ᠲᠠᠢ ᠬᠤᠯᠪᠤᠭᠳᠠᠭᠰᠠᠨ ᠭᠠᠵᠠᠷ ᠤᠷᠤᠨ ᠤ ᠳᠤᠮᠤᠭ ᠤᠳ ᠨᠢ ᠮᠤᠩᠭᠤᠯ ᠥᠨᠳᠥᠰᠥᠲᠡᠨ ᠤ ᠠᠷᠠᠳ ᠲᠥᠮᠡᠨ ᠤ ᠨᠤᠲᠤᠭ ᠤᠰᠤ ᠪᠠᠨ ᠬᠠᠶᠢᠷᠠᠯᠠᠬᠤ᠂ ᠡᠷ᠎ᠡ ᠬᠥᠴᠥᠨ ᠢ ᠰᠢᠲᠥᠬᠦ᠂ ᠪᠠᠶᠢᠭᠠᠯᠢ ᠶᠢᠨ ᠭᠤᠸ᠎ᠠ ᠰᠠᠶᠢᠬᠠᠨ ᠢ ᠰᠤᠨᠢᠷᠬᠠᠬᠤ ᠰᠡᠳᠬᠢᠯᠭᠡ ᠶᠢᠨ ᠳᠥᠷᠰᠥᠲᠥ ᠢᠯᠡᠷᠡᠭᠦᠯᠥᠯ ᠪᠤᠯᠤᠭᠰᠠᠨ ᠢᠶᠠᠷ ᠤᠷᠠᠯᠢᠭᠴᠢ ᠴᠢᠨᠠᠷ ᠨᠢ ᠲᠡᠥᠬᠡᠨ ᠰᠢᠨᠵᠢ ᠠᠴᠠ ᠬᠠᠷᠢᠴᠠᠯᠠᠰᠢᠭᠦᠢ ᠳᠠᠪᠠᠭᠤᠯᠢᠭ ᠪᠠᠶᠢᠷᠢ ᠲᠠᠢ ᠪᠠᠶᠢᠳᠠᠭ᠃ ᠭᠡᠰᠡᠷ ᠪᠠᠭᠠᠲᠤᠷ ᠤᠨᠢᠯᠠᠭᠰᠠᠨ ᠲᠤᠯᠤᠭᠠᠢ ︵ᠳᠡᠯ ᠳᠡᠭᠡᠷ᠎ᠡ︶ ᠠᠴᠠ ᠨᠤᠮᠤ ᠪᠠᠨ ᠲᠡᠯᠢᠵᠥ᠂ ᠬᠠᠷᠪᠤᠭᠠᠨ ᠵᠦ᠋ ᠠᠴᠠ ᠰᠤᠮᠤ ᠪᠠᠨ ᠬᠠᠷᠪᠣᠵᠣ᠂ ᠢᠮᠠᠭᠠᠲᠤ ᠶᠢᠨ ᠠᠭᠤᠯᠠ ︵ᠰᠡᠨᠵᠢᠲᠣ ᠣᠯᠠᠭᠠᠨ ᠬᠠᠳᠠ︶ ᠶᠢ ᠰᠡᠲᠡ ᠬᠠᠷᠪᠤᠭᠰᠠᠨ ᠭᠡᠳᠡᠭ᠂ ᠪᠠᠰᠠ ᠵᠣᠯᠵᠠᠭ᠎ᠠ ᠶᠢ ᠨᠢ ᠠᠯᠠᠭᠰᠠᠨ ᠠᠭᠤᠯᠠ ᠶᠢ ᠵᠣᠯᠵᠠᠭ᠎ᠠ ᠠᠭᠤᠯᠠ ᠭᠡᠵᠣ᠂ ᠠᠷᠪᠠᠨ ᠭᠤᠷᠪᠠᠨ ᠲᠣᠯᠣᠭᠠᠢ ᠶᠢ ᠨᠢ ᠲᠠᠰᠣᠯᠠᠭᠰᠠᠨ ᠣᠷᠣᠢ ᠶᠢ ᠨᠢ ᠣᠯᠠᠨ ᠲᠣᠯᠣᠭᠠᠢ ᠣᠷᠣᠢ ᠭᠡᠳᠡᠭ᠃     ᠡᠨᠡ ᠨᠢ ᠬᠡᠰᠡᠷ ᠤᠨ ᠮᠥᠷ ᠤᠯᠠᠭᠠᠨᠬᠠᠳᠠ ᠳᠤ ᠳᠤᠮᠤᠭ ᠥᠯᠢᠭᠡᠷ ᠪᠤᠯᠤᠨ ᠬᠤᠴᠤᠷᠠᠭᠰᠠᠨ ᠢ ᠬᠠᠷᠠᠭᠤᠯᠵᠠᠢ᠃ ᠭᠡᠲᠡᠯ᠎ᠡ ᠤᠯᠠᠭᠠᠨᠬᠠᠳᠠ ᠨᠤᠲᠤᠭ ᠤᠨ ᠭᠥᠮᠥᠰ ᠤᠳ ᠬᠡᠰᠡᠷ ᠤᠨ ᠲᠤᠬᠠᠢ ᠤᠨᠴᠠ ᠰᠤᠳᠤᠯᠭᠠᠨ ᠬᠢᠭᠡᠳᠥᠢ ᠨᠢ ᠬᠠᠷᠠᠮᠰᠠᠯᠲᠠᠢ ᠳ᠋ᠠ •••••• ︵ᠯ᠊᠂ ᠰᠠᠩᠳᠥᠭᠦᠷᠡᠩ ᠤᠨ ᠪᠦᠷᠭᠡ ᠠᠴᠠ︶
 
ᠢᠷᠡᠯᠲᠡ᠄ ᠬᠣᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号