ᠤᠷᠢᠲᠦ ᠴᠠᠭ ᠲᠤ ᠨᠢᠭᠡ ᠬᠡᠮᠵᠢᠶ᠎ᠡ ᠦᠭᠡᠢ ᠶᠡᠭᠡ ᠪᠠᠶᠠᠨ ᠠᠵᠢᠯ ᠪᠡᠶᠢᠵᠦ ᠭᠡᠨ᠎ᠡ᠃ ᠡᠳ᠋ ᠬᠦᠷᠦᠩᠭᠡ᠂ ᠠᠯᠳᠠ | ᠮᠦᠩᠭᠦ ᠭᠡᠵᠦ ᠬᠡᠴᠢᠨᠡᠨ ᠪᠠᠶᠢᠬᠤ ᠶᠢ ᠦᠪᠡᠷᠰᠡᠳ ᠢᠶᠠᠨ ᠴᠦ ᠬᠡᠮᠵᠢᠶ᠎ᠡ ᠶᠢ ᠨᠢ ᠮᠡᠳᠡᠳᠡᠭ ᠦᠭᠡᠢ ᠪᠠᠶᠢᠵᠦ ᠭᠡᠨ᠎ᠡ᠃ | ᠲᠡᠭᠡᠪᠡᠴᠦ ᠨᠢᠭᠡ ᠲᠤᠲᠠᠭᠤ ᠨᠢ ᠲᠠᠷᠢᠶ᠎ᠠ ᠪᠤᠭᠤᠳᠠᠢ ᠦᠭᠡᠢ ᠭᠡᠨ᠎ᠡ᠃ ᠲᠡᠭᠡᠭᠡᠳ ᠠᠪᠤ ᠨᠢ ᠠᠷᠭ᠎ᠠ ᠪᠤᠳᠤᠵᠦ ᠬᠤᠶᠠᠷ | ᠬᠦᠪᠡᠭᠦᠨ ᠳᠡᠭᠡᠨ ᠬᠡᠲᠦᠨ ᠠᠴᠢᠶᠠᠨ ᠤ ᠠᠯᠳᠠ ᠮᠦᠩᠭᠦ᠂ ᠡᠳ᠋ ᠬᠦᠷᠦᠩᠭᠡ ᠪᠠᠨ ᠠᠴᠢᠵᠦ ᠦᠭᠭᠦᠭᠡᠳ᠄ | — ᠲᠠᠨ ᠬᠤᠶᠠᠷ ᠡᠭᠦᠨ ᠢᠶᠠᠨ ᠠᠪᠴᠦ ᠶᠠᠪᠤᠭᠠᠳ᠂ ᠬᠤᠯᠠ ᠭᠠᠵᠠᠷ ᠠᠴᠠ ᠲᠠᠷᠢᠶ᠎ᠠ ᠪᠤᠭᠤᠳᠠᠢ ᠶᠢᠨ | ᠦᠷ᠎ᠡ ᠪᠠᠷ ᠰᠤᠯᠢᠭᠠᠳ ᠢᠷ᠎ᠡ ᠭᠡᠵᠦ ᠶᠠᠪᠤᠭᠤᠯᠵᠦ ᠭᠡᠨ᠎ᠡ᠃ ᠬᠤᠶᠠᠷ ᠬᠦᠦ ᠨᠢ ᠠᠴᠢᠶ᠎ᠠ ᠬᠦᠰᠭᠡ ᠪᠠᠨ ᠬᠦᠲᠦᠯᠦᠭᠡᠳ | ᠭᠠᠷᠬᠤ ᠳᠠᠭᠠᠨ ᠨᠢᠭᠡ ᠬᠤᠨᠢᠨ ᠮᠢᠬ᠎ᠠ ᠪᠠᠷ ᠵᠠᠮ ᠤᠨ ᠬᠦᠨᠡᠰᠦ ᠬᠢᠵᠦ ᠭᠡᠨ᠎ᠡ᠃ ᠲᠡᠭᠡᠭᠡᠳ ᠶᠠᠪᠤᠵᠦ ᠶᠠᠪᠤᠵᠦ | ᠵᠠᠮ ᠳᠠᠭᠠᠨ ᠪᠠᠭᠤᠳᠠᠯᠯᠠᠵᠦ ᠬᠤᠨᠤᠬᠤ ᠪᠤᠯᠵᠦ ᠭᠡᠨ᠎ᠡ᠃ ᠠᠰᠬᠠᠨ ᠬᠤᠨᠤᠭ ᠬᠢᠬᠦ ᠳᠡᠭᠡᠨ ᠠᠬ᠎ᠠ ᠨᠢ ᠬᠤᠨᠢᠨ ᠤ ᠬᠠ ᠶᠢ | ᠡᠪᠳᠡᠵᠦ ᠲᠠᠯᠤ ᠴᠢᠮᠦᠭᠡ ᠬᠤᠶᠠᠷ ᠢᠶᠠᠨ ᠴᠢᠨᠠᠵᠦ ᠭᠡᠨ᠎ᠡ᠃ ᠮᠢᠬ᠎ᠠ ᠪᠤᠯᠬᠤ ᠳᠤ ᠠᠬ᠎ᠠ ᠨᠢ᠄ | — ᠴᠢ ᠲᠠᠯᠤ ᠢᠳᠡᠨᠤ︖ ᠴᠢᠮᠦᠭᠡ ᠢᠳᠡᠨᠤ︖ ᠭᠡᠵᠦ ᠲᠡᠭᠦᠦ ᠶᠢᠨ ᠢᠶᠠᠨ ᠲᠤᠷ᠎ᠠ ᠶᠢ ᠠᠰᠠᠭᠤᠵᠦ ᠭᠡᠨ᠎ᠡ᠂ | ᠲᠡᠭᠦᠦ ᠨᠢ᠄ | — ᠪᠢ ᠲᠠᠯᠤ ᠢᠳᠡᠨ᠎ᠡ ᠭᠡᠳ ᠲᠠᠯᠤ ᠶᠢ ᠨᠢ ᠢᠳᠡᠵᠦ ᠭᠡᠨ᠎ᠡ᠃ ᠲᠡᠭᠡᠭᠡᠳ ᠬᠤᠨᠤᠵᠦ ᠮᠠᠷᠭᠠᠰᠢ | ᠦᠷᠯᠦᠭᠡ ᠨᠢ ᠪᠤᠰᠴᠦ ᠢᠷᠡᠬᠦ ᠳᠤ ᠲᠡᠭᠦᠦ ᠶᠢᠨ ᠬᠢᠨᠢ ᠮᠤᠷᠢ ᠦᠭᠦᠴᠢᠭᠡᠭᠰᠡᠨ ᠪᠠᠶᠢᠵᠦ ᠭᠡᠨ᠎ᠡ᠃ ᠮᠤᠷᠢᠨ ᠶᠠᠭᠠᠬᠢᠭᠠᠳ | ᠦᠭᠦᠴᠢᠭᠡᠪᠡ ᠭᠡᠵᠦ ᠠᠬ᠎ᠠ ᠲᠡᠭᠦᠦ ᠬᠤᠶᠠᠷ ᠪᠤᠳᠤᠭᠠᠳ ᠰᠢᠨᠵᠢᠭᠡᠳ ᠰᠢᠯᠲᠠᠭᠠᠨ ᠢ ᠨᠢ ᠭᠠᠷᠭᠠᠵᠦ ᠡᠰᠡ | ᠴᠢᠳᠠᠬᠤ ᠳᠠᠭᠠᠨ ᠲᠦᠯᠭᠡᠴᠢ ᠶᠢ ᠬᠠᠶᠢᠵᠦ ᠮᠤᠷᠢ ᠮᠢᠨᠢ ᠶᠠᠭᠤ ᠪᠤᠯᠵᠦ ᠦᠭᠦᠪᠡ ᠭᠡᠵᠦ ᠲᠦᠯᠭᠡᠳᠡᠭᠦᠯᠵᠦ ᠭᠡᠨ᠎ᠡ᠃ | ᠲᠦᠯᠭᠡᠴᠢ ᠲᠦᠯᠭᠡ ᠪᠠᠨ ᠦᠵᠡᠵᠦ ᠦᠵᠡᠭᠡᠳ᠄ | — ᠠ ᠴᠢ ᠦᠴᠦᠭᠡᠲᠦᠷ ᠲᠠᠯᠤ ᠶᠢᠨ ᠮᠢᠬ᠎ᠠ ᠢᠳᠡᠭᠰᠡᠨ ᠦᠦ︖ ᠭᠡᠵᠦ ᠲᠡᠭᠦᠦ ᠠᠴᠠ ᠨᠢ ᠠᠰᠠᠭᠤᠵᠦ | ᠭᠡᠨ᠎ᠡ᠃ | — ᠲᠡᠶᠢᠮᠦ ᠡ ᠭᠡᠬᠦ ᠳᠤ ᠲᠦᠯᠭᠡᠴᠢ᠄ | — ᠴᠢ ᠲᠠᠯᠤ ᠶᠢᠨ ᠮᠢᠬᠠᠨ ᠠᠴᠠ ᠠᠬ᠎ᠠ ᠳᠠᠭᠠᠨ ᠠᠮᠰᠠᠭᠤᠯᠤᠭᠰᠠᠨ ᠦᠭᠡᠢ ᠪᠠ ᠭᠡᠵᠦ ᠭᠡᠨ᠎ᠡ᠂ ᠲᠡᠭᠦᠦ ᠨᠢ᠄ | | — ᠲᠡᠶᠢᠮᠦ ᠡ ᠭᠡᠬᠦ ᠪᠠᠷ ᠲᠦᠯᠭᠡᠴᠢ᠄ | — ᠮᠤᠷᠢ ᠴᠢᠨᠢ ᠲᠡᠭᠦᠨ ᠠᠴᠠ ᠪᠤᠯᠵᠦ ᠦᠭᠦᠵᠡᠢ ᠭᠡᠵᠦ ᠬᠡᠯᠡᠵᠦ ᠦᠭᠴᠦ ᠭᠡᠨ᠎ᠡ᠃ | ᠲᠡᠭᠦᠨ ᠠᠴᠠ ᠬᠤᠰᠢ ᠮᠤᠩᠭᠤᠯ ᠬᠦᠮᠦᠨ ᠲᠠᠯᠤ ᠶᠢᠨ ᠮᠢᠬ᠎ᠠ ᠶᠢ ᠭᠠᠭᠴᠠᠭᠠᠷ ᠢᠳᠡᠳᠡᠭ ᠦᠭᠡᠢ ᠪᠦᠭᠡᠳ ᠲᠠᠯᠤ ᠶᠢᠨ | ᠮᠢᠬ᠎ᠠ ᠶᠢ ᠬᠤᠪᠢᠶᠠᠨ ᠢᠳᠡᠪᠡᠯ ᠠᠳᠤᠭᠤᠨ ᠦᠰᠳᠡᠭ ᠭᠡᠵᠦ ᠬᠡᠯᠡᠳᠡᠭ᠃ ᠡᠶᠢᠮᠦ ᠠᠴᠠ ᠮᠤᠩᠭᠤᠯ ᠬᠦᠮᠦᠨ ᠲᠠᠯᠤ ᠶᠢᠨ | ᠮᠢᠬ᠎ᠠ ᠢᠳᠡᠬᠦ ᠳᠡᠭᠡᠨ ᠲᠠᠯᠤ ᠪᠠᠷᠢᠭᠰᠠᠨ ᠬᠦᠮᠦᠨ ᠨᠢ᠄ | — ᠵᠠ ᠲᠠᠯᠤ ᠶᠢᠨ ᠮᠢᠬ᠎ᠠ ᠲᠠᠶᠠᠭᠠᠷ ᠢᠶᠠᠨ ᠬᠡᠬᠦ ᠦᠭᠡ ᠬᠡᠯᠡᠭᠡᠳ ᠲᠠᠯᠤ ᠶᠢᠨ ᠬᠠᠭᠤᠳᠠᠮ ᠢ ᠲᠦᠭᠡᠭᠡᠵᠦ | ᠦᠭᠭᠦ ᠳᠤ᠂ ᠲᠠᠯᠤ ᠶᠢᠨ ᠬᠠᠭᠤᠳᠠᠮ ᠬᠦᠨᠳᠡᠭᠰᠡᠨ ᠬᠦᠮᠦᠨ ᠪᠦᠬᠦᠨ᠄ | ᠵᠠ︕ ᠲᠠᠭ᠎ᠠ ᠴᠢᠨᠢ ᠲᠠᠯ᠎ᠠ ᠨᠠᠰᠤᠯᠠᠵᠦ | ᠪᠡᠶ᠎ᠡ ᠴᠢᠨᠢ ᠨᠠᠶᠠ ᠨᠠᠰᠤᠯᠠᠭ︕ | ᠲᠠᠪᠠᠭ᠎ᠠ ᠪᠠᠷ ᠲᠦᠭᠦᠷᠡᠩ | ᠲᠠᠩᠳᠠ ᠴᠤᠬᠤᠷ | ᠲᠠᠯᠠᠨ ᠰᠠᠶᠢᠬᠠᠨ ᠠᠳᠤᠭᠤ ᠲᠠᠢ ᠪᠤᠯᠤᠭ ᠭᠡᠵᠦ ᠲᠠᠯᠤ ᠪᠠᠷᠢᠭᠰᠠᠨ ᠬᠦᠮᠦᠨ ᠢ ᠢᠷᠦᠭᠡᠭᠡᠳ ᠢᠳᠡᠳᠡᠭ | ᠵᠠᠩᠰᠢᠯ ᠲᠠᠢ ᠪᠤᠯᠵᠠᠢ᠃ ᠯ᠊᠂ ᠦᠰᠦᠷᠦᠩᠭᠦᠢ ᠶᠢᠨ ︽ᠲᠡᠭᠡᠲᠦ ᠮᠤᠩᠭᠤᠯ ᠤᠨ ᠠᠮᠠᠨ ᠵᠤᠬᠢᠶᠠᠯ ᠤᠨ ᠴᠢᠭᠤᠯᠭᠠᠨ︾ ︵ | ᠲᠡᠭᠡᠲᠦ︶ ᠠᠴᠠ ᠲᠤᠶᠢᠮᠤᠴᠢᠯᠠᠨ ᠬᠤᠷᠢᠶᠠᠩᠭᠤᠶᠢᠯᠠᠪᠠ᠃ ︵ᠤᠶᠤᠨᠪᠤᠯᠠᠭ ᠶᠢᠨ ᠪᠦᠷᠭᠡ ᠠᠴᠠ︶ |