ᠲᠠᠯᠠᠨ ᠬᠤᠳᠠᠯᠴᠢ
ᠨᠡᠶᠢᠲᠡᠯᠡᠭᠰᠡᠨ ᠴᠠᠭ᠄
2017/12/5
     ᠨᠢᠭᠡ ᠡᠳᠦᠷ ᠲᠠᠯᠠᠨ ᠬᠤᠳᠠᠯᠴᠢ ᠣᠨᠠᠭᠠᠯᠠᠭᠠᠳᠣᠢ ᠭᠡᠭᠦᠣ ᠶᠢᠨ ᠭᠠᠷᠣᠭᠠᠳᠣᠢ ᠲᠠᠭ᠎ᠠ ᠪᠠᠨ ᠣᠨᠣᠭᠠᠳ ᠦᠨᠳᠦᠷ ᠠᠭᠤᠯᠠᠨ ᠳᠤ ᠠᠪᠠ ᠬᠢᠬᠦ ᠪᠠᠷ ᠶᠠᠪᠣᠯ᠎ᠠ︔ ᠢᠩᠬᠢᠵᠦ ᠪᠠᠶᠢᠳᠠᠯ᠎ᠠ ᠡᠨᠡᠳᠠᠢ ᠲᠠᠯ᠎ᠠ ᠶᠢᠨ ᠣᠷᠭᠤᠭᠠᠳᠣᠢ ᠪᠣᠳᠠᠨ ᠠᠴᠠ ᠲᠦᠷᠦᠭᠡᠳᠦᠢ ᠲᠠᠣᠯᠠᠢ ᠪᠣᠰᠣᠭᠠᠳ ᠬᠦᠶᠦᠯ᠎ᠡ︔ ᠲᠡᠭᠡᠭᠡᠳ ᠲᠠᠯᠠᠨ ᠬᠤᠳᠠᠯᠴᠢ ᠮᠣᠷᠢᠨ ᠤ ᠲᠣᠯᠣᠭᠠᠢ ᠪᠠᠷ ᠢᠶᠠᠨ ᠭᠠᠵᠠᠷ ᠬᠠᠳᠬᠠᠭᠠᠳ ᠦᠬᠦᠨ ᠲᠠᠭᠤᠬᠤ ᠳᠤ ᠲᠠᠣᠯᠠᠢ ᠬᠤᠯᠣᠭᠠᠨ᠎ᠠ ᠨᠦᠬᠡᠨ ᠳᠤ ᠬᠤᠸᠠᠷᠳ᠋ᠭᠢᠳᠠᠯ᠎ᠠ ᠣᠷᠣᠯ᠎ᠠ︔ ᠲᠡᠭᠡᠭᠡᠳ ᠲᠡᠷᠡ ᠬᠠᠨᠴᠣᠢ ᠰᠢᠮᠠᠯᠠᠨ ᠬᠤᠶᠠᠷ ᠭᠠᠵᠠᠷ ᠬᠦᠨ ᠮᠠᠯᠳᠠᠳᠠᠯ᠎ᠠ᠂ ᠭᠡᠨᠡᠳᠳᠡ ᠨᠦᠬᠡᠨ ᠲᠣᠳᠣᠷ᠎ᠠ ᠬᠡᠩᠭᠡᠷᠭᠡ ᠴᠠᠩ ᠲᠦᠷᠴᠢᠭᠢᠨᠡᠨ ᠬᠡᠴᠡᠭᠦᠣ ᠴᠦ ᠦᠢᠮᠡᠭᠡᠨ ᠪᠣᠯᠵᠦ ᠨᠢᠭᠡᠨ ᠪᠢᠴᠢᠬᠠᠨ ᠬᠠᠷ᠎ᠠ ᠪᠠᠳᠠᠭᠠᠨ᠎ᠠ ᠲᠡᠪᠳᠡᠷᠡᠨ ᠨᠢᠰᠴᠦ ᠢᠷᠡᠬᠦ ᠳᠤ ᠠᠰᠠᠭᠤᠬᠤ ᠳᠤ᠄ ︽ᠭᠡᠳᠡᠭᠡᠨ᠎ᠡ ᠶᠢᠨ ᠡᠵᠢ ᠨᠢ ᠡᠪᠡᠳᠴᠢᠯᠡᠭᠰᠡᠨ ᠠᠴᠠ ᠨᠣᠬᠠᠢ ᠶᠢᠨ ᠪᠦᠭᠡᠰᠦ ᠶᠢ ᠵᠠᠯᠠᠵᠦ ᠯᠠᠶᠢᠴᠢᠩ ᠣᠷᠣᠭᠤᠯᠵᠦ᠂ ᠴᠢᠨᠣ ᠲᠠᠭᠤᠵᠦ ᠶᠠᠪᠣᠭ᠎ᠠ ᠬᠦᠬᠡ ᠲᠠᠣᠯᠠᠢ ᠪᠠᠷ ᠰᠠᠨᠳᠠᠯᠢ ᠲᠡᠪᠡᠷᠢᠭᠦᠯᠦᠨ᠂ ᠰᠣᠷᠣᠭᠰᠠᠨ ᠡᠷᠳᠡᠮ ᠪᠦᠬᠦᠨ ᠢᠶᠠᠨ ᠭᠠᠷᠭᠠᠵᠦ ᠡᠪᠡᠳᠴᠢᠨ ᠵᠠᠰᠠᠵᠦ ᠦᠢᠮᠡᠵᠦ ᠪᠠᠶᠢᠨ᠎ᠠ︾ ᠭᠡᠯ᠎ᠡ︔ ᠲᠡᠭᠡᠭᠡᠳ ᠲᠠᠯᠠᠨ ᠬᠤᠳᠠᠯᠴᠢ᠂ ᠲᠠᠣᠯᠠᠢ ᠰᠠᠶᠢᠨ ᠬᠡᠷᠡᠭ ᠪᠣᠶᠠᠨ ᠦᠢᠯᠡᠳᠴᠦ ᠪᠠᠶᠢᠬᠤ ᠪᠣᠯᠬᠤᠷ ᠨᠡᠬᠡᠬᠦ ᠪᠠᠨ ᠪᠣᠯᠢᠵᠦ ᠠᠭᠤᠯᠠᠨ ᠡᠩᠭᠡᠷ ᠢᠶᠠᠷ ᠶᠠᠪᠣᠵᠦ ᠪᠠᠶᠢᠳᠠᠯ᠎ᠠ ᠨᠢᠭᠡᠯᠡ ᠠᠷᠪᠢᠨ ᠬᠦᠮᠦᠨ ᠢᠨᠢᠶᠡᠯᠳᠣᠨ ᠣᠬᠢᠯᠠᠯᠳᠣᠨ ᠪᠣᠯᠠᠰᠢ ᠶᠢᠨ ᠨᠦᠬᠡ ᠣᠬᠤᠵᠦ ᠪᠠᠶᠢᠳᠠᠯ᠎ᠠ ᠠᠪᠰᠠᠨ ᠤᠨ ᠲᠣᠳᠣᠷ᠎ᠠ ᠨᠢᠭᠡᠨ ᠦᠬᠦᠭᠰᠡᠨ ᠬᠦᠮᠦᠨ ᠬᠦᠶᠦᠨ ᠪᠣᠰᠴᠦ᠄ ︽ᠮᠢᠨᠣ ᠮᠢᠬ᠎ᠠ ᠶᠢ ᠲᠠᠪᠰᠠᠯᠠᠵᠦ ᠬᠤᠳᠠᠯᠳᠣᠭᠠᠳ ᠵᠣᠭᠤᠰ ᠣᠯᠬᠤ ᠦᠭᠡᠢ᠂ ᠬᠠᠷᠢᠨ ᠰᠢᠷᠣᠢ ᠳᠤ ᠪᠣᠯᠠᠭᠠᠳ᠂᠂᠂᠂︾ ᠭᠡᠳ ᠬᠠᠭ᠋ᠠᠵᠦ ᠴᠠᠴᠣᠨ ᠬᠡᠯᠡᠵᠦ ᠪᠠᠶᠢᠭᠠᠳ ᠠᠷᠣ ᠪᠠᠷ ᠢᠶᠠᠨ ᠦᠭᠦᠳᠬᠡᠨ ᠣᠨᠠᠬᠤ ᠳᠠᠭᠠᠨ᠄ ︽ᠮᠢᠨᠣ ᠭᠡᠳᠡᠰᠣᠨ ᠳᠠᠬᠢ ᠠᠯᠳᠠ ᠶᠢ ᠪᠢᠳᠡᠬᠡᠢ ᠬᠤᠳᠠᠯᠳᠣᠴᠢᠬ᠎ᠠ᠂᠂᠂ ᠲᠠᠷᠠᠭ᠎ᠠ ᠲᠦᠷᠦᠯ ᠳᠡᠭᠡᠨ ᠡᠷ᠎ᠡ ᠡᠯᠵᠢᠭᠡ ᠪᠣᠯᠬᠤ ᠳᠠᠭᠠᠨ ᠵᠠᠷᠣᠬᠤ ᠶᠣᠮ ᠪᠠᠶᠢᠨ᠎ᠠ᠂᠂᠂︾ ᠭᠡᠬᠦ ᠶᠢ ᠴᠢᠳᠬᠦᠷ ᠤᠨ ᠰᠠᠯᠬᠢ ᠪᠠᠷ ᠰᠣᠶᠤᠭ᠎ᠠ ᠨᠢ ᠣᠨᠠᠭᠰᠠᠨ ᠪᠠᠷᠰ ᠰᠣᠨᠣᠰᠣᠭᠠᠳ ᠠᠶᠣᠩᠭ᠎ᠠ ᠮᠡᠳᠦ ᠲᠠᠭᠤ ᠪᠠᠷ ᠣᠷᠢᠯᠡᠨ ᠱᠣᠣᠭᠢᠨ ᠢᠷᠡᠯ᠎ᠡ︔ ᠲᠠᠯᠠᠨ ᠬᠤᠳᠠᠯᠴᠢ ᠰᠡᠯᠡᠮ᠎ᠡ ᠲᠠᠯᠠᠶᠢᠵᠦ ᠴᠢᠪᠴᠢᠨ ᠣᠷᠣᠬᠤ ᠳᠤ ᠲᠣᠣᠷ᠎ᠠ ᠠᠴᠠ ᠨᠢ ᠨᠢᠭᠡᠨ ᠠᠮᠢᠳᠦ ᠬᠦᠮᠦᠨ ᠪᠠᠷᠬᠢᠷᠴᠦ᠄ ︽ᠬᠦᠢ᠂ ᠪᠠᠷᠰ ᠢ ᠪᠣᠣ ᠠᠯᠠ᠂ ᠠᠷᠠᠰᠣ ᠶᠢ ᠨᠢ ᠰᠢᠷᠬᠠᠳᠣᠭᠤᠯᠵᠦ ᠪᠣᠯᠬᠤ ᠦᠭᠡᠢ ᠰᠢᠣ︾ ᠭᠡᠵᠦ ᠬᠡᠯᠡᠬᠦ ᠶᠢ ᠨᠢ ᠰᠣᠨᠣᠰᠣᠭᠠᠳ ᠭᠠᠶᠢᠬᠠᠵᠦ ᠪᠠᠶᠢᠳᠠᠯ᠎ᠠ ᠪᠠᠰᠠ ᠭᠡᠭᠡᠯ ᠲᠣᠭᠳᠠᠭᠠᠳᠣᠢ ᠨᠢᠭᠡ ᠠᠷᠰᠯᠠᠨ ᠭᠠᠷᠣᠭᠠᠳ ᠢᠷᠡᠬᠦ ᠪᠠᠷ ᠨᠢ ᠴᠢᠳᠠᠨ ᠶᠠᠳᠠᠨ ᠶᠡᠬᠡᠪᠡᠷ ᠲᠣᠯᠣᠯᠳᠣᠵᠦ ᠬᠠᠷᠪᠣᠵᠦ ᠠᠯᠠᠬᠤ ᠳᠤ ᠨᠢᠭᠡᠨ ᠲᠣᠯᠣᠮ ᠪᠣᠯᠵᠦ ᠬᠤᠪᠢᠷᠠᠵᠠᠢ︔ ᠲᠡᠷᠡ ᠭᠡᠨᠡᠳᠳᠡ ᠡᠷᠭᠢᠵᠦ ᠦᠵᠡᠬᠦ ᠳᠤ ᠪᠠᠷᠰ ᠬᠠᠷᠢᠨ ᠦᠨᠦᠬᠢ ᠦᠬᠦᠳᠡᠯ ᠪᠠ ᠠᠮᠢᠳᠦ ᠬᠦᠮᠦᠨ ᠢ ᠠᠮᠠᠨ ᠳᠠᠭᠠᠨ ᠵᠠᠭᠤᠵᠦ ᠵᠡᠭᠦᠨ ᠠᠭᠤᠯᠠᠨ ᠣᠷᠣᠢ ᠶᠢ ᠲᠠᠪᠠᠵᠦ ᠭᠠᠷᠬᠤ ᠶᠢ ᠨᠢ ᠬᠠᠷᠠᠭᠠᠳ ᠰᠠᠨᠳᠣᠷᠣᠨ ᠨᠣᠮᠣ ᠰᠣᠮᠣ ᠪᠠᠨ ᠭᠠᠷᠭᠠᠨ ᠬᠠᠷᠪᠣᠬᠤ ᠳᠤ ᠠᠭᠤᠯᠠᠨ ᠤ ᠣᠷᠣᠢ ᠰᠡᠳᠡ ᠣᠴᠢᠵᠦ᠂ ᠪᠠᠷᠰ ᠪᠦᠭᠰᠡ ᠪᠠᠷ ᠢᠶᠠᠨ ᠲᠣᠩᠭᠤᠷᠴᠦ ᠣᠨᠠᠬᠤ ᠨᠢ ᠦᠵᠡᠭᠳᠡᠪᠡ︔ ᠲᠡᠭᠡᠭᠡᠳ ᠲᠠᠯᠠᠨ ᠬᠤᠳᠠᠯᠴᠢ ᠬᠤᠶᠢᠨ᠎ᠠ ᠠᠴᠠ ᠨᠢ ᠨᠡᠬᠡᠭᠡᠳ᠂ ᠨᠢᠭᠡᠨ ᠨᠠᠭᠤᠷ ᠤᠨ ᠭᠦᠪᠡᠭᠡᠨ ᠳᠤ ᠬᠦᠷᠬᠦ ᠳᠤ ᠮᠦᠷ ᠨᠢ ᠪᠠᠯᠠᠷᠠᠵᠦ ᠨᠢᠭᠡ ᠬᠡᠰᠡᠭ ᠠᠯᠳᠠ ᠪᠠᠶᠢᠭᠰᠠᠨ ᠢ ᠠᠷᠠᠰᠣᠨ ᠲᠣᠯᠣᠮ ᠳᠠᠭᠠᠨ ᠬᠢᠬᠦ ᠳᠤ ᠮᠣᠷᠢ ᠨᠢ ᠲᠠᠣᠯᠠᠢ ᠪᠣᠯᠵᠦ᠂ ᠨᠢᠭᠡᠯᠡ ᠠᠨᠢᠬᠤ ᠶᠢᠨ ᠬᠤᠭᠤᠷᠣᠨᠳᠣ ᠨᠢᠭᠡᠨ ᠪᠠᠶᠠᠨ ᠣᠯᠣᠰ ᠤᠨ ᠬᠠᠭᠠᠨ ᠤ ᠣᠷᠳᠣᠨ ᠳᠤ ᠣᠷᠣᠵᠠᠢ︔ ᠲᠡᠭᠡᠭᠡᠳ ᠲᠡᠷᠡ ᠬᠦᠬᠡ ᠴᠢᠨ᠋ᠸ᠎ᠠ ᠰᠢᠭ᠋ ᠨᠢᠳᠣᠨ ᠬᠠᠷᠠᠴᠠ ᠲᠠᠢ ᠭᠤᠶᠣ ᠲᠦᠷᠦᠭᠰᠡᠨ ᠬᠠᠭᠠᠨ ᠤ ᠭᠠᠭᠴᠠ ᠭᠦᠩᠵᠦ ᠶᠢ ᠨᠢ ᠬᠠᠷᠠᠬᠤ ᠳᠤ ᠡᠰᠡᠯ᠎ᠡ ᠬᠠᠶᠢᠯᠣᠭᠠᠳ ᠣᠨᠠᠬᠤ ᠰᠢᠬᠠᠯ᠎ᠠ︔ ᠲᠡᠭᠡᠬᠦ ᠳᠤ ᠲᠡᠷᠡ ᠲᠣᠭᠰᠢᠨ ᠬᠠᠭᠠᠨ ᠶᠡᠬᠡᠯ᠎ᠡ ᠠᠭᠤᠷᠯᠠᠨ᠄ ︽ᠶᠠᠮᠠᠷ ᠡᠷᠳᠡᠮ ᠪᠠᠶᠢᠨ᠎ᠠ ᠬᠡᠮᠡᠨ ᠬᠠᠭᠠᠨ ᠤ ᠣᠷᠳᠣᠨ ᠳᠤ ᠲᠣᠷ᠎ᠠ ᠪᠠᠷ ᠣᠷᠣᠵᠦ ᠢᠷᠡᠪᠠ︖︾ ᠭᠡᠬᠦ ᠳᠤ ᠲᠠᠯᠠᠨ ᠬᠤᠳᠠᠯᠴᠢ᠄ ︽ᠠᠭᠤᠯᠠ ᠠᠳᠠᠯᠢ ᠠᠯᠳᠠ ᠪᠠᠷ ᠭᠤᠶᠣ ᠭᠦᠩᠵᠦ ᠶᠢ ᠪᠣᠭᠳᠣᠯᠠᠬᠤ ᠪᠠᠷ ᠢᠷᠡᠯ᠎ᠡ︾ ᠭᠡᠵᠦ ᠬᠡᠯᠡᠭᠡᠳ ᠠᠷᠠᠰᠣᠨ ᠲᠣᠯᠣᠮ ᠢᠶᠠᠨ ᠲᠣᠷᠣᠭᠰᠢ ᠬᠠᠨᠳᠣᠭᠤᠯᠬᠤ ᠳᠤ ᠠᠨᠠᠪᠠᠳ ᠲᠠᠯᠠᠢ ᠪᠣᠯᠵᠦ ᠦᠶᠡᠷᠯᠡᠬᠦ ᠳᠤ ᠬᠠᠭᠠᠨ ᠣᠯᠣᠰ ᠪᠠᠷ᠎ᠠ ᠦᠭᠡᠢ ᠪᠣᠯᠵᠦ ᠭᠠᠭᠴᠠᠬᠠᠨ ᠭᠦᠩᠵᠦ ᠦᠯᠡᠳᠡᠭᠰᠡᠨ ᠢ ᠠᠷᠠᠰᠣᠨ ᠲᠣᠯᠣᠮ ᠲᠣᠳᠣᠷ᠎ᠠ ᠪᠠᠨ ᠬᠢᠵᠦ ᠭᠡᠷ ᠳᠡᠭᠡᠨ ᠢᠷᠡᠭᠡᠳ ᠬᠠᠭᠠᠨ ᠤ ᠭᠤᠶᠣ ᠭᠦᠩᠵᠦ ᠶᠢ ᠭᠠᠷᠭᠠᠬᠤ ᠳᠤ ᠴᠠᠭᠠᠨ᠎ᠠ ᠨᠢ ᠪᠠᠰᠠ ᠨᠢᠭᠡ ᠭᠠᠷᠣᠭᠠᠳ ᠢᠷᠡᠪᠡ︔ ᠢᠩᠬᠢᠭᠡᠳ ᠲᠠᠯᠠᠨ ᠬᠤᠳᠠᠯᠴᠢ ᠣᠯᠠᠮ ᠪᠠᠶᠠᠷᠯᠠᠵᠦ ᠭᠤᠶᠣ ᠭᠦᠩᠵᠦ ᠶᠢ ᠲᠠᠳᠠᠵᠦ ᠭᠠᠷᠭᠠᠭᠠᠳ ᠯᠡ ᠪᠠᠶᠢᠵᠦ᠂ ᠴᠠᠭᠠᠨ᠎ᠠ ᠠᠴᠠ ᠨᠢ ᠭᠠᠷᠴᠦ ᠢᠷᠡᠭᠡᠳ ᠯᠡ ᠪᠠᠶᠢᠵᠦ᠂ ᠬᠠᠮᠤᠭ ᠲᠠᠷ ᠴᠢᠳᠠᠯ ᠢᠶᠠᠨ ᠪᠠᠷᠠᠵᠦ᠂ ᠪᠠᠭᠠᠭᠢᠭᠰᠠᠨ ᠬᠦᠯᠦᠰᠦ ᠨᠢ ᠨᠠᠭᠤᠷ ᠪᠣᠯᠵᠦ ᠲᠣᠰᠣᠯᠠᠬᠤ ᠦᠶ᠎ᠡ ᠳᠤ ᠭᠡᠨᠡᠳᠳᠡ ᠠᠷᠠᠰᠣᠨ ᠲᠣᠯᠣᠮ ᠨᠢ ᠦᠵᠡᠭᠳᠡᠬᠦ ᠦᠬᠡᠢ ᠪᠣᠯᠵᠠᠢ︔ ᠲᠡᠭᠡᠭᠡᠳ ᠲᠡᠷᠡ ᠭᠤᠶᠣ ᠭᠦᠩᠵᠦ ᠪᠠᠨ ᠲᠣᠭᠠᠯᠠᠵᠦ ᠦᠵᠡᠬᠦ ᠳᠤ ᠶᠠᠭ ᠲᠠᠯᠨ ᠪᠠᠶᠢᠭᠰᠠᠨ ᠪᠣᠯᠬᠤᠷ ᠲᠠᠯᠠᠨ ᠡᠬᠡᠨᠠᠷ ᠪᠠᠭᠤᠯᠭᠠᠨ ᠠᠮᠣᠷ ᠵᠢᠮᠣᠷ ᠠᠮᠢᠳᠣᠷᠠᠪᠠ ᠭᠡᠨ᠎ᠡ᠃ ︵ᠰᠡᠴᠡᠨᠪᠠᠳᠤ ᠶᠢᠨ ᠪᠦᠷᠭᠡ ᠠᠴᠠ︶
 
ᠢᠷᠡᠯᠲᠡ᠄ ᠬᠣᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号