ᠮᠡᠷᠬᠡᠯ ᠭᠤᠤᠯ
ᠨᠡᠶᠢᠲᠡᠯᠡᠭᠰᠡᠨ ᠴᠠᠭ᠄
2017/12/5
     ᠡᠷᠲᠡ ᠤᠷᠢᠲᠤ ᠴᠠᠭ ᠲᠤ᠂ ᠦᠷᠭᠡᠨ ᠠᠭᠤᠳᠠᠮ ᠦᠨᠢᠷ ᠪᠠᠶᠠᠯᠢᠭ ᠬᠠᠭᠤᠴᠢᠨ ᠪᠠᠷᠭᠤ ᠨᠤᠲᠤᠭ ᠲᠤ ᠬᠠᠰ ᠪᠦᠰᠡᠯᠡᠬᠦᠷ ᠪᠤᠯᠵᠤ ᠤᠭᠠᠯᠵᠠᠯᠠᠨ ᠤᠷᠤᠰᠤᠭᠰᠠᠨ ᠤᠷᠤᠰᠬᠠᠯ ᠲᠤᠩᠭᠠᠯᠠᠭ ᠭᠤᠤᠯ ᠤᠨ ᠲᠡᠨᠵᠢᠨ ᠳᠤ᠂ ᠦᠩᠭᠡ ᠵᠢᠰᠦ ᠦᠵᠡᠰᠬᠦᠯᠡᠩ ᠭᠤᠸ᠎ᠠ᠂ ᠤᠬᠠᠭᠠᠨ ᠰᠠᠨᠠᠭ᠎ᠠ ᠰᠡᠴᠡᠨ ᠰᠡᠷᠬᠦᠯᠡᠩ ᠮᠠᠷᠭᠡᠯ ᠬᠡᠳᠡᠭ ᠨᠡᠷ᠎ᠡ ᠲᠠᠢ ᠨᠢᠬᠡᠨ ᠬᠡᠦᠬᠡᠨ ᠪᠠᠶᠢᠵᠤ ᠬᠡᠨ᠎ᠡ᠃ ᠨᠢᠬᠡᠨ ᠤᠲᠠᠭ᠎ᠠ᠂ ᠰᠢᠷᠤᠢ ᠳᠤ ᠨᠠᠭᠠᠯᠲᠤᠭᠰᠠᠨ ᠴᠢᠰᠤ ᠶᠢ ᠴᠦ ᠲᠤᠯᠢᠶᠠᠮᠠᠷ ᠰᠢᠨᠤᠬᠠᠢ ᠬᠤᠪᠲᠤᠭ ᠪᠠᠭᠠᠲᠤᠷ ᠴᠠᠭᠠᠨ ᠪᠠᠶᠠᠨ ᠠᠯᠪᠠᠲᠤ ᠪᠤᠭᠤᠯ ᠢᠶᠠᠨ ᠲᠠᠭᠠᠭᠤᠯᠤᠨ ᠠᠩ ᠭᠦᠷᠦᠬᠡ ᠬᠢᠵᠦ ᠶᠠᠪᠤᠭᠰᠠᠭᠠᠷ ᠠᠲᠡ ᠢᠷᠡᠭᠡᠳ ᠮᠡᠷᠬᠡᠯ ᠬᠡᠦᠬᠡᠨ ᠢ ᠦᠵᠡᠵᠦ ᠲᠤᠭᠤᠭᠠᠳ᠂ ᠠᠪᠤ ᠡᠵᠢ ᠶᠢ ᠨᠢ ᠠᠶᠤᠯᠭᠠᠵᠤ ᠪᠠᠶᠢᠭᠠᠳ ᠬᠤᠲᠠᠯᠲᠤᠵᠤ ᠠᠪᠤᠭᠰᠠᠨ ᠬᠡᠨ᠎ᠡ᠃ ᠲᠡᠷᠡ ᠵᠢᠯ ᠮᠡᠷᠭᠡᠯ ᠬᠡᠦᠬᠡᠨ ᠶᠠᠭ ᠠᠷᠪᠠᠨ ᠨᠠᠢᠮᠠᠨ ᠨᠠᠰᠤᠯᠠᠵᠤ ᠤᠯᠠᠭᠠᠨ ᠴᠠᠭᠠᠨ ᠨᠢ ᠢᠯᠭᠠᠷᠠᠵᠤ᠂ ᠤᠶᠤᠨ ᠴᠢᠲᠠᠯ ᠬᠤᠤᠰᠯᠠᠭᠰᠠᠨ ᠠᠳᠤᠭᠤᠴᠢᠨ ᠵᠠᠯᠠᠭᠤ ᠲᠠᠢ ᠰᠡᠳᠬᠢᠯ ᠢᠶᠠᠨ ᠮᠡᠳᠡᠯᠴᠡᠵᠦ᠂ ᠡᠬᠦᠲᠡ ᠡᠷᠦᠬᠡ ᠨᠡᠬᠡᠬᠡᠨ ᠠᠵᠤ ᠲᠦᠷᠦᠬᠦ ᠪᠠᠷ ᠤᠷᠤᠭ ᠲᠤᠭᠲᠠᠭᠰᠠᠨ ᠪᠠᠶᠢᠪᠠ᠃ ᠨᠢᠬᠡᠨ ᠡᠲᠦᠷ᠂ ᠪᠠᠭᠠᠲᠤᠷ ᠴᠠᠭᠠᠨ ᠪᠠᠶᠠᠨ ᠪᠢᠯᠲᠠᠤᠴᠢ ᠵᠠᠷᠤᠴᠠ ᠪᠠᠨ ᠲᠠᠭᠠᠭᠤᠯᠵᠤ᠂ ᠮᠡᠷᠬᠡᠯ ᠬᠡᠦᠬᠡᠨ ᠢ ᠪᠠᠭ᠎ᠠ ᠬᠠᠲᠤᠨ ᠪᠤᠯᠭᠠᠬᠤ ᠪᠠᠷ ᠪᠤᠯᠢᠶᠠᠬᠤ ᠪᠠᠷ ᠢᠷᠡᠭᠰᠡᠨ ᠳᠤ᠂ ᠢᠨᠠᠭ ᠬᠤᠩᠭᠤᠷ ᠠᠳᠤᠭᠤᠴᠢᠨ ᠵᠠᠯᠠᠭᠤ ᠨᠢ ᠬᠤᠯᠡ ᠶᠢᠨ ᠤᠲᠤᠷ ᠲᠤ ᠶᠠᠪᠤᠭᠠᠳ ᠡᠷᠦᠬᠡ ᠭᠡᠷ ᠲᠡᠭᠡᠨ ᠪᠠᠶᠢᠬᠰᠠᠨ ᠦᠬᠡᠢ ᠬᠡᠨ᠎ᠡ᠃ ᠬᠤᠤᠰ ᠦᠬᠡᠢ ᠮᠡᠷᠭᠡᠨ ᠤᠬᠠᠭᠠᠨ ᠲᠠᠢ ᠮᠡᠷᠬᠡᠯ ᠬᠡᠦᠬᠡᠨ ᠤᠷᠠᠨ ᠠᠷᠭ᠎ᠠ ᠭᠠᠷᠭᠠᠵᠤ᠄ ︽ᠡᠵᠡᠨ ᠲᠡ ᠮᠢᠨᠢ ᠨᠠᠮᠠᠶᠢ ᠠᠪᠠᠴᠢᠪᠠᠯ᠂ ᠪᠢ ᠵᠠᠪᠠᠯ ᠡᠨᠡᠬᠦ ᠬᠠᠷᠠᠬᠠᠨ ᠪᠠᠭ᠎ᠠ ᠠᠴᠠ ᠮᠢᠨᠢ ᠤᠮᠳᠠᠯᠠᠵᠤ ᠦᠰᠭᠡᠭᠰᠡᠨ ᠭᠤᠤᠯ ᠤᠨ ᠬᠦᠪᠡᠭᠡ ᠶᠢ ᠲᠠᠭᠠᠵᠤ ᠶᠠᠪᠤᠨ᠎ᠠ︾ ᠬᠡᠪᠡ᠃ ᠪᠠᠭᠠᠲᠤᠷ ᠴᠠᠭᠠᠨ ᠪᠠᠶᠠᠨ ᠰᠤᠨᠤᠰᠤᠭᠠᠳ ᠴᠡᠬᠡᠵᠢ ᠲᠡᠯᠪᠡᠷᠡᠮ᠎ᠡ ᠠᠭᠤᠷᠯᠠᠵᠤ᠄     ︽ᠡᠨᠡ ᠮᠠᠭᠤ ᠭᠤᠤᠯ ᠢ ᠶᠠᠭᠤᠨ ᠳᠤ ᠲᠡᠲᠦᠢ ᠰᠠᠨᠠᠭᠰᠠᠨ ᠪᠤᠢ︖︾ ᠬᠡᠵᠦ ᠬᠡᠯᠡᠬᠦ ᠳᠤ᠂ ᠮᠡᠷᠬᠡᠯ ᠬᠡᠦᠬᠡᠨ ᠢᠨᠢᠶᠡᠭᠡᠳ᠄     ︽ᠡᠨᠡ ᠭᠤᠤᠯ ᠲᠦᠷᠦᠭᠰᠡᠨ ᠨᠤᠲᠤᠭ ᠲᠠᠭᠠᠨ ᠬᠠᠮᠤᠭ ᠠᠴᠠ ᠬᠠᠶᠢᠷᠠᠲᠠᠢ ᠪᠠᠶᠢᠳᠠᠭ᠃ ᠡᠨᠡ ᠭᠤᠤᠯ᠂ ᠲᠦᠷᠦᠭᠰᠡᠨ ᠨᠤᠲᠤᠭ ᠰᠢᠷᠤᠢ ᠠᠴᠠ ᠪᠠᠨ ᠰᠠᠯᠵᠤ ᠶᠠᠳᠠᠬᠤ ᠳᠠᠭᠠᠨ ᠡᠷᠬᠢᠨ ᠲᠤᠭᠤᠷᠢᠨ ᠴᠠᠭᠠᠷᠢᠬᠯᠠᠨ ᠤᠷᠤᠰᠴᠤ ᠤᠮᠠᠷᠠᠰᠢ ᠤᠳᠬᠤ ᠲᠤᠷ᠎ᠠ ᠦᠬᠡᠢ ᠪᠠᠶᠢᠨ᠎ᠠ ᠰᠢᠦ᠃ ᠤᠷᠤᠰᠬᠤ ᠭᠤᠤᠯ ᠪᠠᠶᠢᠲᠠᠯ᠎ᠠ ᠤᠨᠠᠭᠰᠠᠨ ᠰᠢᠷᠤᠢ ᠳᠠᠭᠠᠨ ᠡᠶᠢᠮᠦ ᠬᠠᠶᠢᠷᠠᠲᠠᠢ ᠪᠠᠶᠢᠬᠤ ᠳᠤ᠂ ᠬᠦᠮᠦᠨ ᠢ ᠨᠡᠩ ᠦᠬᠦᠯᠡᠬᠦ ᠶᠠᠭᠤᠨ︕︾ ᠬᠡᠰᠡᠨ ᠳᠤ᠂ ᠪᠠᠭᠠᠲᠤᠷ ᠴᠠᠭᠠᠨ ᠪᠠᠶᠠᠨ ᠲᠤᠤᠭᠠᠷᠬᠤ ᠦᠬᠡ ᠦᠬᠡᠢ ᠪᠤᠯᠤᠭᠠᠳ᠄ ︽ᠪᠤᠯᠤᠨ᠎ᠠ᠂ ᠪᠤᠯᠤᠨ᠎ᠠ︾ ᠬᠡᠵᠦ ᠵᠦᠪᠰᠢᠶᠡᠷᠡᠭᠰᠡᠨ ᠬᠡᠨ᠎ᠡ᠃ ᠲᠡᠭᠡᠭᠡᠳ ᠪᠠᠭᠠᠲᠤᠷ ᠴᠠᠭᠠᠨ ᠪᠠᠶᠠᠨ ᠪᠢᠯᠳᠠᠤᠴᠢ ᠵᠠᠷᠤᠴᠠ ᠪᠠᠨ ᠲᠠᠭᠠᠭᠤᠯᠤᠨ᠂ ᠮᠡᠷᠭᠡᠯ ᠬᠡᠦᠬᠡᠨ ᠢ ᠮᠤᠷᠢᠨ ᠳᠤ ᠤᠨᠤᠭᠤᠯᠤᠭᠠᠳ ᠡᠨᠡ ᠭᠤᠤᠯ ᠤᠨ ᠮᠢᠩᠭ᠎ᠠ ᠲᠦᠮᠡᠨ ᠴᠠᠭᠠᠷᠢᠬᠲᠤ ᠲᠤᠬᠤᠢ ᠶᠢ ᠡᠷᠬᠢᠨ ᠲᠤᠭᠤᠷᠢᠨ ᠭᠡᠳᠦᠨ ᠡᠲᠦᠷ ᠶᠠᠪᠤᠵᠤ ᠲᠡᠮᠡᠢ ᠬᠤᠯᠠᠳᠴᠤ ᠠᠮᠵᠢᠭᠠᠲᠤᠢ ᠪᠠᠶᠢᠲᠠᠯ᠎ᠠ ᠠᠯᠤᠰ ᠬᠤᠯᠠ ᠠᠴᠠ ᠰᠢᠷ᠎ᠠ ᠲᠤᠭᠤᠰᠤ ᠲᠡᠭᠲᠡᠵᠦ᠂ ᠬᠤᠩᠭᠤᠷ ᠨᠦᠬᠦᠷ ᠨᠢ ᠠᠨᠲᠠ ᠨᠦᠬᠦᠳ ᠢᠶᠠᠨ ᠲᠠᠭᠠᠭᠤᠯᠤᠨ ᠢᠷᠡᠵᠦ ᠠᠮᠠᠷᠠᠭ ᠬᠡᠦᠬᠡᠨ ᠮᠡᠷᠬᠡᠯ ᠢᠶᠠᠨ ᠪᠤᠯᠢᠶᠠᠨ ᠠᠪᠠᠴᠢᠵᠤ ᠬᠤᠷᠢᠮᠯᠠᠭᠠᠳ ᠠᠵᠠ ᠵᠢᠷᠭᠠᠯ ᠲᠠᠢ ᠠᠮᠢᠲᠤᠷᠠᠵᠤ ᠭᠡᠨ᠎ᠡ᠃ ᠡᠬᠦᠨ ᠠᠴᠠ ᠬᠤᠶᠢᠰᠢ ᠡᠨᠡ ᠭᠤᠤᠯ ᠢ ᠮᠡᠷᠬᠡᠯ ᠭᠤᠤᠯ ᠬᠡᠵᠦ ᠨᠡᠷᠡᠯᠡᠭᠰᠡᠨ ᠬᠡᠨ᠎ᠡ᠃ ︽ᠬᠦᠯᠦᠨ ᠪᠤᠶᠢᠷ ᠤᠨ ᠲᠤᠮᠤᠭ︾ ᠠᠴᠠ ︵ᠳᠠᠩᠭᠤᠳ ᠮᠦᠩᠭᠦᠨᠪᠤᠯᠤ ᠶᠢᠨ ᠪᠦᠷᠭᠡ ᠠᠴᠠ︶
 
ᠢᠷᠡᠯᠲᠡ᠄ ᠬᠣᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号