ᠡᠵᠢ ᠡ᠂ | ᠡᠵᠢ ᠡ | ᠲᠠᠨ ᠤ ᠴᠠᠰᠤᠲᠤ ᠴᠠᠭᠠᠨ ᠭᠠᠨᠳᠢᠭ ᠥᠯᠮᠡᠢ ᠳᠤ ᠲᠠᠨᠢ | ᠴᠡᠴᠡᠭᠡᠨ ᠡᠷᠢᠬᠡ ᠡᠷᠭᠦᠶ᠎ᠡ ᠭᠡᠵᠤ | ᠴᠡᠴᠡᠭ ᠲᠡᠭᠦᠯ᠎ᠡ | ᠲᠠᠨ ᠤ ᠰᠠᠶᠢᠬᠠᠨ ᠰᠡᠳᠬᠢᠯ ᠢᠶᠠᠨ ᠣᠯᠳᠠᠭ ᠪᠠᠶᠢᠭᠰᠠᠨ ᠨᠣᠮᠢᠨ ᠲᠠᠯ᠎ᠠ ᠠᠴᠠ | ᠰᠠᠶᠢᠨ ᠮᠠᠭᠤ ᠶᠢ ᠢᠯᠭᠠᠯ ᠦᠭᠡᠢ ᠰᠡᠷᠢᠭᠦᠴᠡᠭᠦᠯᠳᠡᠭ | ᠡᠭᠦᠯᠡᠨ ᠰᠡᠭᠦᠳᠡᠷ ᠳᠣᠣᠷ᠎ᠠ ᠠᠴᠠ | ᠡᠵᠡᠭᠦᠢ ᠳᠤ ᠮᠢᠨᠢ ᠮᠢᠨᠤ ᠳᠠᠭᠤᠤ ᠶᠢ ᠰᠣᠨᠣᠰᠳᠠᠭ | ᠡᠷᠬᠡ ᠲᠠᠩᠬᠠᠢ ᠴᠡᠩᠬᠡᠷ ᠭᠤᠷᠤᠬ᠎ᠠ ᠶᠢᠨ ᠬᠥᠪᠡᠭᠡᠨ ᠠᠴᠠ | ᠴᠡᠴᠡᠭ ᠲᠡᠭᠦᠯ᠎ᠡ | ᠴᠡᠴᠡᠭ ᠲᠡᠭᠦᠬᠦ ᠳᠡᠭᠡᠨ ᠪᠢ ᠤᠬᠢᠯᠠᠵᠤ ᠲᠡᠭᠦᠯ᠎ᠡ | ᠤᠨᠠᠭᠰᠠᠨ ᠬᠠᠷᠠᠭᠤᠰᠠᠯ ᠤᠨ ᠨᠢᠯᠪᠤᠰᠤ | ᠣᠨᠣᠭᠰᠠᠨ ᠴᠡᠴᠡᠭ ᠪᠦᠷᠢ ᠶᠢ ᠣᠯᠵᠤ ᠲᠡᠭᠦᠯ᠎ᠡ | ᠲᠠᠨ ᠳᠠᠭᠠᠨ ᠴᠡᠴᠡᠭᠡᠨ ᠡᠷᠢᠬᠡ ᠡᠷᠭᠦᠶ᠎ᠡ ᠭᠡᠬᠦ ᠳᠤ | ᠨᠢᠭᠡᠨ ᠵᠤᠨ ᠤ ᠬᠢ ᠪᠠᠶᠢᠲᠤᠭᠠᠢ | ᠨᠢᠭᠡᠨ ᠵᠠᠭᠤᠨ ᠤ ᠴᠡᠴᠡᠭᠡᠰ ᠴᠦ ᠦᠯᠦ ᠬᠦᠷᠦᠯᠴᠡᠨ᠎ᠡ | ᠰᠠᠶᠢᠬᠠᠨ ᠡᠵᠢ ᠮᠢᠨᠢ | ᠰᠠᠨᠴᠢᠭ ᠲᠠᠭᠠᠨ ᠥᠨᠥᠴᠢᠨ ᠬᠢᠷᠠᠭᠤ ᠦᠭᠡᠢ ᠡᠬᠡ ᠮᠢᠨᠢ | ᠣᠷᠴᠢᠯᠠᠩ ᠤᠨ ᠦᠨᠡᠨ ᠮᠥᠩᠬᠡ ᠶᠢᠨ ᠰᠥᠨᠢ ᠳᠤᠮᠳᠠᠭᠤᠷ | ᠣᠳᠣᠯ᠎ᠠ ᠭᠡᠵᠦ ᠤᠬᠢᠯᠠᠯ᠎ᠠ | ᠣᠳᠣᠳ ᠬᠡᠶᠢᠰᠦᠭᠰᠡᠨ ᠦᠬᠦᠯ ᠤᠨ ᠬᠠᠷ᠎ᠠ ᠰᠢᠭᠤᠷᠭᠠᠨ ᠳᠤ | ᠣᠰᠬᠤᠯᠠ ᠭᠡᠵᠦ ᠬᠠᠶᠢᠯᠠᠯ᠎ᠠ | ᠮᠢᠩᠭᠠᠨ ᠦᠨᠳᠦᠰᠦᠨ ᠤ ᠦᠵᠦᠭᠦᠷ ᠪᠦᠬᠦᠨ ᠳᠤ ᠰᠢᠩᠭᠡᠵᠦ | ᠮᠠᠨᠳᠤᠬᠤ ᠨᠠᠷᠠᠨ ᠤ ᠵᠦᠭ ᠤᠷᠭᠤᠨ᠎ᠠ ᠭᠡᠵᠦ ᠠᠭᠤᠵᠢᠷᠠᠯ᠎ᠠ | ᠡᠩᠬᠡ ᠰᠢᠷᠭᠠᠯ ᠦᠦᠷ ᠤᠨ ᠭᠬᠢᠷᠲᠦᠰᠢ ᠦᠭᠡᠢ ᠴᠠᠭᠠᠨ ᠴᠣᠯᠮᠣᠨ ᠪᠣᠯᠵᠤ | ᠡᠬᠢᠯᠡᠯ ᠪᠦᠬᠦᠨ ᠤ ᠮᠠᠩᠯᠠᠢ ᠳᠤ ᠭᠢᠯᠠᠯᠵᠠᠨ᠎ᠠ ᠭᠡᠵᠦ ᠲᠠᠶᠢᠳᠬᠤᠷᠠᠯᠠ | ᠡᠵᠢ ᠮᠢᠨᠢ ᠲᠠ | ᠬᠠᠭᠠᠴᠠᠯ ᠢᠶᠠᠷ ᠴᠢᠯᠠᠭᠤᠵᠢᠭᠰᠠᠨ ᠠᠶᠠᠯᠭᠤ | ᠬᠠᠯᠠᠭᠤᠨ ᠢᠶᠠᠷ ᠢᠶᠠᠨ ᠴᠠᠷᠴᠠᠭᠰᠠᠨ ᠰᠦ | ᠡᠵᠢ ᠡ | ᠪᠢ | ᠲᠠᠨ ᠤ ᠦᠷᠭᠦᠯᠵᠢᠯᠡᠯ | ᠵᠣᠬᠢᠶᠠᠭᠴᠢ᠄ ᠯᠾᠬᠠᠪᠠᠰᠦ᠋ᠷᠦᠩ | | | | | | | | | | | | | | | | | | | | | | ᠁ |