ᠬᠠᠮᠤᠭ ᠪᠦᠭᠦᠳᠡᠭᠡᠷ ᠢᠶᠠᠨ ᠬᠠᠷᠢᠶᠠᠨ ᠵᠦᠭᠡᠵᠦ ᠪᠠᠶᠢᠪᠠᠴᠤ | ᠳᠡᠭᠷᠢ ᠰᠢᠭ ᠪᠠᠢ᠂ ᠳᠤᠷ᠎ᠠ ᠦᠭᠡᠢ ᠳᠤ ᠳᠦᠩᠰᠦᠶᠢᠬᠦ | ᠬᠠᠮᠤᠭ ᠤᠨ ᠰᠠᠶᠢᠨ ᠬᠦᠮᠦᠨ ᠭᠡᠵᠤ ᠬᠠᠰᠬᠢᠷᠵᠤ ᠢᠷᠤᠭᠡᠵᠤ ᠪᠠᠶᠢᠪᠠᠴᠣ | ᠳᠡᠭᠷᠢ ᠰᠢᠭ ᠪᠠᠢ᠂ ᠠᠨᠢᠷ ᠦᠬᠡᠢ ᠦᠯᠡᠳᠡᠭᠡᠬᠦ | ᠲᠡᠨᠡᠭ ᠤᠳ ᠪᠦᠭᠦᠳᠡᠭᠡᠷ ᠢᠶᠠᠨ ᠴᠢᠮ᠎ᠠ ᠶᠢ ᠰᠤᠷᠭᠠᠪᠠᠴᠤ | ᠳᠡᠭᠷᠢ ᠰᠢᠭ ᠪᠠᠢ᠂ ᠳᠤᠨᠠᠷᠠᠨ ᠳᠤᠨᠢᠶᠠᠷᠳᠠᠬᠤ | ᠳᠡᠪᠡᠷᠢᠵᠤ ᠪᠦᠭᠦᠳᠡᠭᠡᠷ ᠢᠶᠠᠨ ᠴᠢᠮ᠎ᠠ ᠶᠢ ᠦᠨᠦᠰᠤᠪᠠᠴᠤ | ᠲᠡᠭᠷᠢ ᠰᠢᠭ ᠪᠠᠢ᠂ ᠬᠢᠵᠠᠭᠠᠷ ᠦᠭᠡᠢ ᠦᠷᠭᠦᠯᠵᠢᠯᠡᠬᠦ | ᠲᠡᠪᠴᠢᠶᠡᠷᠢ ᠠᠯᠳᠠᠵᠤ ᠨᠦᠬᠦᠳ ᠴᠢᠨᠢ ᠤᠷᠬᠢᠪᠠᠴᠤ | ᠳᠡᠭᠷᠢ ᠰᠢᠭ ᠪᠠᠢ᠂ ᠮᠦᠩᠬᠡ ᠠᠮᠤᠭᠤᠯᠠᠩ | ᠲᠡᠷᠭᠡᠨ ᠳᠤ ᠰᠠᠭᠤᠯᠭᠠᠵᠤ ᠠᠯᠲᠠᠨ ᠲᠢᠳᠢᠮ ᠡᠮᠦᠰᠦᠭᠦᠯᠪᠡᠴᠤ | ᠲᠡᠭᠷᠢ ᠰᠢᠭ ᠪᠠᠢ᠂ ᠶᠠᠭᠤ ᠴᠦ ᠪᠤᠯᠤᠭ᠎ᠠ ᠦᠭᠡᠢ ᠶᠤᠮ ᠰᠢᠭ᠋ | ᠬᠠᠮᠤᠭ ᠤᠨ ᠬᠠᠶᠢᠷᠠᠲᠠᠢ ᠬᠦᠮᠦᠨ ᠴᠢᠨᠢ ᠬᠠᠯᠢᠵᠤ ᠤᠳᠤᠭᠰᠠᠨ ᠴᠦ | ᠬᠠᠨ ᠳᠡᠭᠷᠢ ᠨᠤᠷᠠᠴᠢᠬᠠᠭᠠ ᠦᠭᠡᠢ ᠴᠠᠭ ᠲᠤ ᠪᠤᠤ ᠵᠤᠪᠠ ᠭ᠊ | ᠦ᠋ᠳᠬᠡᠨ ᠳᠤᠷᠤᠮᠵᠢᠯᠠᠵᠤ ᠪᠠᠬ᠎ᠠ ᠪᠠᠨ ᠬᠠᠨᠤᠪᠠᠴᠣ | ᠭᠦᠨ ᠭᠦᠬᠡ ᠲᠡᠭᠷᠢ ᠬᠡᠮᠬᠡᠷᠡᠭᠡ ᠦᠭᠡᠢ ᠴᠠᠭ ᠲᠤ ᠪᠤᠤ ᠠᠶᠤ | ᠡᠪᠡᠳᠴᠢᠨ ᠵᠤᠪᠠᠯᠠᠩ ᠳᠤ ᠨᠡᠷᠪᠡᠭᠳᠡᠨ ᠲᠠᠷᠳᠠᠬᠤ ᠳᠤ ᠪᠠᠨ ᠲᠤᠯᠤᠪᠠᠴᠣ | ᠦᠨᠢ ᠮᠦᠩᠬᠡ ᠳᠡᠭᠷᠢ ᠰᠢᠭ ᠪᠠᠢ᠂ ᠴᠢ ᠢᠯᠠᠨ᠎ᠠ︕ | ᠦᠷᠦᠭᠡᠯ ᠪᠤᠰᠤᠳ ᠲᠤ ᠲᠤᠭᠤᠭᠳᠠᠬᠤ ᠪᠠᠨ ᠪᠠᠶᠢᠵᠤ ᠮᠠᠷᠳᠠᠭᠳᠠᠪᠠᠴᠣ | ᠦᠨᠳᠦᠷ ᠲᠡᠭᠷᠢ ᠳᠡᠭᠡᠷ᠎ᠡ ᠴᠢᠨᠢ ᠴᠠᠯᠠᠶᠢᠵᠤ ᠪᠠᠶᠢᠬᠤ ᠶᠢ ᠪᠤᠤ ᠮᠠᠷᠲᠠ | ᠶᠠᠭ ᠯᠠ ᠠᠮᠢᠳᠤᠷᠠᠯ ᠴᠢᠨᠢ ᠳᠠᠭᠤᠰᠴᠤ ᠶᠠᠪᠤᠬᠤ ᠵᠠᠮ ᠦᠬᠡᠢ ᠪᠤᠯᠤᠭᠰᠠᠨ ᠴᠦ | ᠶᠠᠭᠠᠬᠢᠳᠠᠭ ᠢᠶᠠᠨ ᠠᠯᠳᠠᠯ ᠦᠭᠡᠢ ᠬᠦᠯᠢᠶᠡ᠂ ᠳᠡᠭᠷᠢ ᠰᠢᠭ ᠪᠠᠢ | ᠢᠷᠠᠭᠤᠬᠠᠨ ᠰᠠᠨᠠᠭ᠎ᠠ ᠮᠡᠬᠦᠰᠳᠡᠵᠤ ᠬᠤᠯᠠᠭᠠᠢ ᠵᠢᠯᠡᠭᠡᠢ ᠳᠤ ᠦᠷᠳᠡᠭᠰᠠᠨ ᠴᠦ | ᠶᠠᠳᠠᠮᠠᠭᠬᠠᠨ ᠠᠮᠢᠳᠠᠳ ᠢ ᠪᠤᠤ ᠲᠤᠭᠤᠭ᠎ᠠ᠂ ᠳᠡᠭᠷᠢ ᠰᠢᠭ ᠪᠠᠢ | ᠤᠯᠵᠠ ᠤᠮᠤᠭ ᠴᠢᠮ᠎ᠠ ᠳᠤ ᠡᠭᠦᠳᠡ ᠪᠠᠨ ᠬᠠᠭᠠᠭᠰᠠᠨ ᠴᠦ ᠳᠡᠭᠷᠢ ᠰᠢᠭ ᠪᠠᠢ | ᠤᠯᠠᠨ ᠲᠦᠮᠡᠨ ᠨᠢᠭᠤᠷ ᠢᠶᠠᠨ ᠪᠤᠷᠤᠭᠤᠯᠠᠭᠰᠠᠨ ᠴᠦ ᠲᠡᠭᠷᠢ ᠰᠢᠭ ᠪᠠᠢ | ᠤᠳᠤᠳ ᠭᠢᠯᠠᠯᠵᠠᠵᠤ ᠨᠠᠷᠠᠨ ᠰᠠᠷᠠᠨ ᠡᠭᠡᠯᠵᠢᠯᠡᠬᠦ ᠴᠠᠭ ᠲᠤ | ᠤᠷᠴᠢᠯᠠᠩ ᠳᠡᠭᠡᠷ᠎ᠡ ᠠᠪᠤ ᠶᠢᠨ ᠬᠦᠦ ᠰᠢᠨᠲᠠᠷᠠᠬᠤ ᠶᠤᠰᠤᠨ ᠦᠭᠡᠢ | ᠠᠭᠤᠷ ᠤᠮᠤᠭ ᠦᠪᠡᠷ ᠤᠨ ᠮᠤᠩᠬᠠᠭ ᠢ ᠮᠠᠷᠳᠠᠵᠤ ᠳᠡᠭᠷᠢ ᠰᠢᠭ ᠪᠠᠢ | ᠤᠶᠢᠳᠬᠠᠨ ᠬᠤᠷᠸ᠎ᠠ ᠠᠴᠠ ᠢᠯᠡᠭᠦᠤ ᠭᠠᠷᠴᠤ ᠵᠢᠭᠦᠷ ᠢᠶᠠᠨ ᠳᠡᠯᠭᠡ︕ | ᠴᠦᠬᠦᠷᠡᠯ ᠴᠢᠮ᠎ᠠ ᠶᠢ ᠪᠠᠭᠠᠯᠵᠤᠷᠳᠠᠵᠤ ᠴᠦᠯ ᠤᠨ ᠴᠢᠨ᠋ᠸ᠎ᠠ ᠰᠢᠭ᠋ ᠪᠤᠯᠭᠠᠭᠰᠠᠨ ᠴᠦ | ᠰᠦᠰᠦ ᠶᠡᠭᠡ ᠲᠠᠢ ᠬᠦᠮᠦᠨ ᠤ ᠦᠷ᠎ᠡ ᠭᠡᠳᠡᠭ ᠢᠶᠠᠨ ᠪᠤᠤ ᠮᠠᠷᠲᠠᠭᠠᠷᠠᠢ | ᠴᠤᠷ ᠤᠨ ᠭᠠᠭᠴᠠ ᠬᠦᠦ ᠮᠢᠨᠢ ᠪᠠᠰᠠ ᠦᠬᠢᠳ ᠮᠢᠨᠢ ᠬᠡᠥᠬᠡᠳ ᠤᠳ ᠮᠢᠨᠢ | ᠴᠤᠭᠯᠠᠵᠤ ᠢᠷᠡᠬᠦ ᠡᠭᠦᠯᠡ ᠶᠢᠨ ᠦᠷ᠎ᠡ ᠠᠴᠠ ᠪᠤᠤ ᠵᠢᠭᠤᠲᠠ᠂ ᠪᠦᠦ ᠠᠶᠤ | ᠬᠤᠪᠢ ᠵᠠᠶᠠᠭ᠎ᠠ ᠲᠠᠢ ᠢᠮᠠᠭᠲᠠ ᠡᠪᠯᠡᠷᠡᠵᠤ ᠳᠡᠪᠵᠢᠶᠡᠷᠢ ᠲᠠᠢ ᠪᠠᠢ | ᠬᠠᠭᠤᠴᠢᠨ ᠴᠠᠭ ᠤᠨ ᠮᠡᠷᠭᠡᠳ ᠬᠦᠯᠢᠶᠡᠵᠤ ᠰᠤᠷᠤᠭᠰᠠᠨ ᠶᠤᠮ ᠰᠢᠤ | ᠤᠷᠤᠬᠤ ᠤᠷᠤᠨ ᠦᠭᠡᠢ ᠪᠤᠯᠤᠭᠰᠠᠨ ᠴᠠᠭ ᠲᠤ ᠪᠠᠨ ᠤᠷᠴᠢᠯᠠᠩ ᠢ ᠪᠦᠬᠦᠯᠢ ᠳᠤᠨᠢ ᠤᠯᠤᠨ᠎ᠠ ᠴᠢ | ᠤᠨᠴᠠᠯᠠᠬᠤ ᠨᠦᠬᠦᠷ ᠦᠭᠡᠢ ᠪᠤᠯᠤᠭᠰᠠᠨ ᠴᠠᠭ ᠲᠤ ᠪᠠᠨ ᠬᠦᠮᠦᠨ ᠢ ᠪᠠᠰᠠ ᠤᠶᠢᠯᠭᠠᠨ᠎ᠠ ᠴᠢ | ᠠᠵᠠ ᠵᠢᠷᠭᠠᠯ ᠢᠷᠡᠨ᠎ᠠ ᠭᠡᠵᠤ ᠤᠳᠠᠯ ᠦᠭᠡᠢ ᠠᠯᠠᠭ᠎ᠠ ᠪᠤᠯᠳᠠᠭ ᠶᠤᠮ | ᠠᠶᠤᠯ ᠵᠤᠪᠠᠯᠠᠩ ᠳᠤᠬᠢᠶᠠᠨᠠ ᠭᠡᠪᠡᠴᠤ ᠲᠦᠳᠡᠯ ᠦᠭᠡᠢ ᠠᠷᠢᠯᠳᠠᠭ ᠶᠤᠮ | ᠵᠠᠮ ᠢᠶᠠᠷ ᠢᠶᠠᠨ ᠶᠢᠷᠲᠢᠨᠴᠤ ᠳᠤ ᠶᠠᠭᠤᠮ᠎ᠠ ᠪᠦᠭᠦᠨ ᠡᠳᠤᠷ ᠰᠦᠨᠢ ᠰᠢᠭ ᠡᠭᠡᠯᠵᠢᠯᠡᠨᠠ | ᠵᠢᠷᠭᠠᠯ ᠵᠤᠪᠠᠯᠠᠩ ᠤᠨ ᠠᠯᠢᠨ ᠳᠤ ᠴᠦ ᠮᠦᠩᠬᠡ ᠳᠡᠭᠷᠢ ᠰᠢᠭ ᠪᠠᠢ | ᠠᠲᠠᠭᠠᠳᠠᠨ ᠲᠦᠮᠡᠨ ᠳᠡᠭᠡᠨ ᠮᠠᠭᠤ ᠶᠢ ᠦᠢᠯᠡᠳᠪᠡᠴᠤ ᠬᠠᠷᠢᠭᠤ ᠳᠤᠨᠢ ᠰᠠᠶᠢᠨ ᠢ ᠪᠦᠲᠦᠭᠡ | ᠠᠷᠢᠭᠤᠨ ᠰᠡᠳᠬᠢᠯ ᠤᠨ ᠨᠤᠭᠤ ᠳᠤ ᠪᠤᠶᠠᠨ ᠤ ᠴᠡᠴᠡᠭᠡᠰ ᠳᠡᠯᠭᠡᠷᠡᠳᠡᠭ ᠶᠤᠮ | ᠢᠮᠠᠭᠲᠠ ᠴᠢᠨᠦ ᠵᠦᠪ ᠪᠠᠶᠢᠬᠤ ᠠᠯᠪᠠ ᠦᠭᠡᠢ ᠰᠠᠶᠢᠳᠤᠷ ᠲᠤᠩᠭ᠎ᠠ | ᠶᠠᠷᠢᠵᠤ ᠬᠡᠯᠡᠬᠦ ᠬᠦᠳᠡᠯᠬᠦ ᠪᠦᠬᠦᠨ ᠢᠶᠠᠨ ᠦᠪᠡᠷ ᠢᠶᠠᠨ ᠬᠢᠨ᠎ᠠ ᠰᠡᠳᠬᠢ | ᠬᠦᠰᠡᠯ ᠪᠦᠬᠦᠨ ᠪᠡᠶᠡᠯᠡᠬᠦ ᠠᠯᠪᠠ ᠦᠭᠡᠢ ᠴᠢᠩᠳᠠᠯᠠᠵᠤ ᠬᠤᠷᠢ | ᠬᠦᠷᠬᠦ ᠶᠢᠨ ᠡᠴᠦᠰ ᠦᠭᠡᠢ ᠲᠡᠭᠷᠢ ᠰᠢᠭ ᠪᠠᠢ᠂ ᠦᠨᠡᠨ ᠢ ᠲᠡᠮᠳᠡᠷᠢ | ᠶᠠᠭᠤᠮ᠎ᠠ ᠪᠦᠬᠦᠨ ᠳᠤ ᠦᠪᠡᠷ ᠤᠨ ᠴᠠᠭ ᠪᠤᠢ᠂ ᠰᠥᠷᠦᠭᠡᠳ ᠨᠡᠮᠡᠷᠢ ᠦᠭᠡᠢ | ᠶᠡᠷᠤ ᠲᠠᠳᠠᠭᠰᠠᠨ ᠬᠦᠮᠦᠨ ᠳᠤ ᠲᠤᠯᠤᠭᠠᠨ ᠳᠤ᠂ ᠭᠡᠷᠡᠭ ᠲᠠᠢ ᠬᠤᠷᠢᠮ ᠳᠤ ᠨᠡᠮᠡᠷᠢ ᠦᠭᠡᠢ | ᠨᠤᠬᠠᠢ ᠪᠤᠯᠬᠤ ᠠᠴᠠ ᠨᠢ ᠡᠮᠤᠨ᠎ᠡ ᠭᠦᠯᠦᠭᠡ ᠶᠢ ᠬᠠᠵᠠᠵᠤ ᠬᠡᠮᠡᠯᠢᠳᠡᠭ ᠶᠤᠮ | ᠨᠤᠶᠠᠨ ᠪᠤᠯᠬᠤ ᠠᠴᠠ ᠨᠢ ᠡᠮᠤᠨ᠎ᠡ ᠬᠦᠪᠡᠬᠦᠨ ᠢ ᠪᠠᠰᠤᠵᠤ ᠳᠤᠷᠤᠮᠵᠢᠯᠠᠳᠠᠭ ᠶᠤᠮ | ᠰᠠᠮᠠᠭᠤᠨ ᠳᠡᠭᠳᠡᠭᠡᠭᠴᠢᠳ ᠦᠢᠯᠠ ᠪᠠᠨ ᠲᠠᠶᠢᠪᠤᠩ ᠬᠢᠭᠡ | ᠰᠠᠨᠳᠤᠷᠴᠤ ᠮᠡᠭᠳᠡᠷᠡᠬᠦ ᠬᠡᠷᠡᠭ ᠦᠭᠡᠢ ᠳᠡᠭᠷᠢ ᠰᠢᠭ ᠪᠠᠢ | ᠰᠠᠯᠬᠢ ᠴᠠᠭᠠᠨ ᠪᠤᠯᠬᠤᠷ ᠪᠦᠬᠦᠨ ᠢ ᠬᠡᠶᠢᠰᠬᠡᠳᠡᠭ ᠶᠤᠮ | ᠰᠠᠪᠠᠭ᠎ᠠ ᠦᠭᠡᠢ ᠠᠮᠢᠳᠠᠳ ᠤᠨ ᠵᠢᠨᠳᠠᠭ᠎ᠠ ᠶᠢ ᠪᠤᠤ ᠤᠨ᠎ᠠ | ᠡᠷᠭᠡ ᠮᠡᠳᠡᠯ ᠲᠠᠢ ᠬᠦᠮᠦᠨ ᠬᠢᠯᠢᠨᠴᠡ ᠨᠢᠭᠦᠯ ᠠᠴᠠ ᠵᠠᠶᠢᠯᠠᠬᠤ ᠦᠭᠡᠢ | ᠡᠳ᠋ ᠪᠠᠶᠠᠯᠢᠭ ᠲᠠᠢ ᠬᠦᠮᠦᠨ ᠬᠦᠰᠡᠯ ᠰᠢᠨᠤᠯ ᠠᠴᠠ ᠬᠠᠭᠠᠴᠠᠬᠤ ᠦᠭᠡᠢ | ᠶᠢᠷᠲᠢᠨᠴᠦ ᠶᠢᠨ ᠪᠦᠬᠦ ᠶᠠᠭᠤᠮ᠎ᠠ ᠬᠡᠮᠵᠢᠶ᠎ᠡ ᠲᠠᠢ ᠶᠢ ᠪᠤᠤ ᠮᠠᠷᠲᠠ | ᠶᠡᠷᠤ ᠴᠠᠭ ᠢᠶᠠᠨ ᠪᠤᠯᠬᠤᠷ ᠬᠤᠮᠬᠢ ᠲᠤᠭᠤᠰᠤ ᠰᠢᠭ᠋ ᠰᠠᠷᠨᠢᠨ᠎ᠠ | ᠡᠩ ᠤᠨ ᠬᠦᠮᠦᠨ ᠠᠷᠠᠳ ᠲᠤ ᠡᠭᠡᠯᠢᠲᠡᠢ ᠪᠠᠢ ᠬᠠᠶᠢᠷᠠᠲᠠᠢ ᠪᠠᠢ | ᠡᠯᠳᠡᠪ ᠪᠤᠰᠤᠷᠮᠠᠭ ᠶᠠᠪᠤᠳᠠᠯ ᠳᠤ ᠪᠤᠤ ᠤᠷᠢᠶᠠᠴᠠᠯᠳᠠ | ᠦᠨ᠎ᠠ ᠲᠠᠢ ᠴᠠᠨ᠎ᠠ ᠲᠠᠢ ᠪᠦᠬᠦᠨ ᠢᠶᠠᠨ ᠪᠤᠰᠤᠳ ᠲᠤ ᠦᠭᠴᠤ ᠰᠤᠷ ᠪᠤᠤ ᠬᠠᠷᠠᠮᠰᠠ | ᠡᠭᠦᠷᠢᠳᠡ ᠤᠷᠤᠰᠢᠬᠤ ᠦᠭᠡᠢ ᠶᠢᠨ ᠤᠴᠢᠷ ᠳᠤᠰᠠ ᠪᠤᠯᠬᠤ ᠦᠢᠯᠡ ᠪᠠᠨ ᠪᠦᠳᠦᠭᠡ | ᠭᠠᠳᠠᠨ᠎ᠠ ᠪᠠᠨ ᠢᠮᠠᠭᠲᠠ ᠪᠤᠰᠤᠳ ᠠᠴᠠ ᠳᠣᠣᠷ᠎ᠠ ᠳᠤ ᠪᠠᠢ ᠳᠠᠷᠤᠤ ᠪᠠᠢ | ᠭᠠᠶᠢᠬᠠᠭᠤᠯᠬᠤ ᠭᠡᠷᠡᠭ ᠦᠭᠡᠢ ᠳᠤᠲᠤᠷ᠎ᠠ ᠪᠠᠨ ᠳᠡᠭᠷᠢ ᠮᠡᠲᠤ ᠠᠭᠤᠤ ᠪᠠᠢ | ᠦᠭᠡ ᠶᠠᠷᠢᠶ᠎ᠠ ᠭᠡᠷᠡᠭ ᠦᠭᠡᠢ ᠭᠠᠵᠠᠷ ᠲᠤ ᠬᠠᠷᠠᠴᠠ ᠪᠠᠷ ᠢᠶᠠᠨ ᠦᠭᠦᠯᠡᠵᠤ ᠰᠤᠷ | ᠦᠨᠡᠨ ᠬᠤᠳᠠᠯ ᠢ ᠢᠯᠭᠠᠬᠤ ᠠᠷᠭ᠎ᠠ ᠦᠭᠡᠢ ᠴᠠᠭ ᠲᠤ ᠪᠤᠷᠬᠠᠨ ᠳᠠᠭᠠᠨ ᠵᠠᠯᠪᠠᠷᠢ | ᠦᠨᠦᠳᠦᠷ ᠴᠢᠮᠠᠶᠢ ᠮᠠᠷᠭᠠᠰᠢ ᠪᠤᠰᠤᠳ ᠢ ᠬᠠᠭᠤᠷᠠᠬᠤ ᠬᠦᠮᠦᠰ ᠲᠤ | ᠦᠪᠡᠷ ᠰᠢᠭ ᠢᠶᠠᠨ ᠪᠦᠦ ᠢᠳᠡᠭᠡ ᠮᠦᠷ ᠢ ᠬᠦᠭᠡᠭᠡᠵᠤ ᠴᠢᠭ ᠢ ᠪᠠᠷᠢ ᠬᠦᠦ ᠮᠢᠨᠢ | ᠬᠠᠮᠤᠭ ᠤᠨ ᠡᠴᠤᠰ ᠲᠤ ᠬᠡᠯᠡᠬᠦ ᠳᠤ ᠨᠤᠬᠠᠢ ᠶᠢᠨ ᠶᠠᠪᠤᠳᠠᠯ ᠢ ᠳᠡᠭᠡᠳᠤᠯᠡ | ᠬᠦᠯᠢᠴᠡᠨ ᠲᠡᠪᠴᠢᠬᠦ ᠠᠴᠠ ᠢᠯᠡᠭᠦᠦ ᠭᠠᠪᠢᠶ᠎ᠠ ᠶᠢ ᠪᠢ ᠮᠡᠳᠡᠬᠦ ᠦᠭᠡᠢ ᠁ | ᠰᠣᠰᠣᠷᠪᠠᠷᠡᠮ | | | | | | | | | | | | | | | | | | | | | | ᠁ |