ᠪᠡᠴᠢᠨ ᠵᠢᠯ ᠤᠨ ᠵᠤᠳ ᠲᠤ ᠬᠠᠮᠤᠭ ᠠᠮᠢᠳᠠᠨ ᠭᠡᠯᠮᠡᠭᠳᠡᠵᠡᠢ᠃ ᠮᠠᠯ ᠤᠨ ᠲᠤᠭᠤᠷᠠᠢ ᠬᠠᠭ᠎ᠠ ᠬᠦᠯᠳᠠᠵᠤ | ᠪᠠᠶᠢᠭᠰᠠᠨ ᠲᠠᠷᠡ ᠵᠢᠯ ᠤᠨ ᠬᠠᠪᠤᠷ ᠪᠢ ᠡᠭᠡ ᠶᠢᠨ ᠬᠡᠪᠡᠯᠢ ᠠᠴᠠ ᠮᠨᠨᠳᠤᠯᠠᠵᠠᠢ᠃ ᠬᠦᠮᠦᠨ ᠠᠮᠢᠳᠠᠨ ᠠᠶᠤᠯᠳᠤ | ᠵᠤᠳ ᠲᠤ ᠨᠠᠷᠪᠡᠭᠳᠡᠨ ᠬᠡᠳᠦᠨ ᠮᠢᠩᠭᠠᠨ ᠮᠠᠯ ᠠᠴᠠ ᠪᠠᠨ ᠴᠤ ᠬᠠᠭᠠᠴᠠᠭᠰᠠᠨ ᠶᠤᠮ ᠭᠡᠨ᠎ᠠ ᠪᠢᠯᠠ᠂ ᠬᠡᠨ ᠮᠡᠳᠡᠬᠦ ᠪᠤᠢ᠃ | ᠲᠡᠷᠡ ᠬᠠᠪᠤᠷ ᠵᠤᠳ ᠲᠠᠢ ᠬᠠᠮᠳᠤ ︽ᠵᠤᠳ ᠪᠤᠯᠵᠤ︾ ᠪᠢ ᠢᠷᠡᠭᠰᠡᠨ ᠪᠤᠯᠬᠤᠷ ᠠᠪᠤ᠂ ᠡᠵᠢ ᠮᠢᠨᠢ ᠨᠠᠮᠠᠶᠢ ︽ | ᠨᠢᠬᠦᠯ︾ ᠠᠪᠴᠢᠷᠠᠭᠰᠠᠨ ᠭᠡᠤᠭᠡᠳ ᠬᠡᠵᠤ ᠱᠤᠭᠤᠪᠳᠤᠷᠯᠠᠨ ᠦᠵᠡᠳᠡᠭ ᠪᠠᠶᠢᠭᠰᠠᠨ ᠭᠡᠳᠡᠭ᠃ ᠶᠠᠭᠠᠭᠢᠭᠠᠳ ᠬᠡᠪᠡᠯ | ᠨᠤᠳᠤᠭ ᠬᠤᠰᠢᠭᠤᠨ ᠳᠠᠭᠠᠨ ᠪᠠᠶᠠᠯᠢᠭ ᠪᠤᠰᠤ ᠴᠤ ᠮᠠᠯ ᠮᠠᠯ ᠤᠨ ᠵᠠᠬ᠎ᠠ ᠠᠴᠠ ᠪᠦᠬᠦᠳᠡ ᠨᠡᠶᠢᠯᠡᠭᠡᠳ ᠵᠠᠭᠤᠭᠠᠳ | ᠲᠤᠯᠤᠭᠠᠢ ᠮᠠᠯ ᠲᠠᠢ ᠵᠡᠭᠡᠭᠡᠭᠰᠡᠨ ᠠᠮᠢᠳᠤᠷᠠᠯ ᠲᠠᠢ ᠠᠶᠢᠯ ᠪᠠᠶᠢᠭᠰᠠᠨ ᠨᠢ ᠵᠤᠳ ᠢᠶᠠᠷ ᠬᠠᠯᠠᠭᠤᠠ ᠬᠤᠰᠢᠭᠤᠳᠤ ᠭᠡᠳᠦᠨ | ᠮᠠᠯ ᠨᠢ ᠬᠤᠳᠠᠨ ᠳᠤ ᠦᠨᠦᠴᠢᠨ ᠭᠠᠭᠴᠠ ᠢᠰᠢᠭᠡ ᠴᠤ ᠦᠯᠡᠳᠡᠭᠰᠡᠨ ᠦᠬᠡᠢ ᠨᠢᠳᠤ ᠠᠨᠢᠵᠠᠢ᠃ ᠲᠡᠬᠡᠬᠦ ᠪᠠᠷ | ᠬᠤᠳᠠ ᠲᠠᠢ ᠭᠡᠳᠤ ᠶᠢ ᠨᠢ ᠵᠠᠯᠬᠢᠭᠠᠳ ᠤᠷᠤᠨ ᠳᠤᠨᠢ ᠢᠷᠡᠭᠰᠡᠨ ᠮᠠᠭᠤ ᠵᠠᠶᠠᠭᠠᠨ ᠤ ᠭᠡᠤᠭᠡᠳ ᠬᠡᠵᠤ ᠪᠤᠳᠤᠵᠤ | ᠪᠠᠶᠢᠭᠰᠠᠨ ᠪᠢᠵᠠ᠃ | ᠢᠩᠬᠢᠭᠡᠳ ᠡᠵᠢ ᠮᠢᠨᠢ ᠰᠡᠳᠬᠢᠯ ᠰᠠᠨᠠᠭ᠎ᠠ ᠪᠠᠷ ᠤᠨᠠᠵᠤ ᠬᠠᠷ᠎ᠠ ᠴᠠᠢ ᠤᠤᠭᠤᠬᠤ ᠶᠢᠨ ᠵᠤᠪᠠᠯᠠᠩ ᠢ ᠠᠩᠬ᠎ᠠ | ᠠᠮᠰᠠᠨ᠂ ᠭᠡᠷ ᠲᠡᠭᠡᠨ ᠪᠤᠬᠢᠨᠢᠳᠤᠵᠤ ᠨᠠᠮᠠᠶᠢ ᠵᠤᠳᠠᠩ ᠲᠠᠢ ᠤᠰᠤ ᠪᠠᠷ ᠤᠭᠵᠢᠨ ᠰᠠᠭᠤᠬᠤ ᠳᠠᠭᠠᠨ ᠶᠠᠭᠤ ᠴᠤ ᠬᠡᠵᠤ | ᠪᠤᠳᠤᠵᠤ ᠪᠠᠶᠢᠭᠰᠠᠨ ᠢ ᠬᠡᠨ ᠮᠡᠳᠡᠯ᠎ᠠ᠃ ᠬᠡᠳᠡᠯ᠎ᠠ ᠭᠡᠳᠦᠨ ᠬᠡᠤᠭᠡᠳ ᠢᠶᠠᠨ ᠭᠡᠷᠬᠢᠨ ᠲᠡᠵᠢᠬᠡᠬᠦ ᠠᠷᠭ᠎ᠠ ᠰᠦᠪᠡᠭᠴᠢᠯᠡᠨ᠂ | ᠮᠤᠳᠤ ᠲᠤᠯᠤᠭᠠᠢ ᠪᠠᠨ ᠤᠯᠠᠶᠢᠳᠠᠯᠠ ᠨᠢ ᠲᠠᠮᠠᠬᠢ ᠪᠠᠨ ᠰᠢᠨᠤᠯᠳᠠᠢ ᠰᠤᠷᠤᠵᠤ ᠪᠤᠳᠤᠯ ᠪᠤᠯᠤᠨ ᠰᠠᠭᠤᠭᠰᠠᠨ ᠠᠪᠤ ᠮᠢᠨᠢ | ᠨᠢᠭᠡ ᠡᠳᠦᠷ ᠰᠤᠮᠤᠨ ᠤ ᠲᠦᠪ ᠤᠷᠤᠭᠤ ᠶᠠᠪᠤᠵᠤ ᠠᠮᠢᠳᠠᠨ ᠠᠬ᠎ᠠ ᠲᠡᠬᠦᠦ ᠲᠠᠢ ᠠᠭᠤᠯᠵᠠᠨ ᠪᠤᠴᠠᠬᠤ ᠵᠠᠮ ᠳᠠᠭᠠᠨ | ᠤᠯᠮᠠ ᠭᠤᠸᠠᠢ ᠶᠢᠨ ᠬᠢᠨ ᠢᠶᠠᠷ ᠲᠠᠭᠠᠷᠢᠵᠤ᠂ ᠬᠡᠳᠦᠨ ᠲᠦᠬᠦᠷᠢᠭ ᠤᠨ ᠢᠶᠠᠨ ᠠᠪᠴᠠᠭ᠎ᠠ ᠳᠠᠭᠠᠨ ᠰᠡᠬᠦᠯ ᠨᠢ | ᠬᠦᠯᠳᠡᠭᠰᠡᠨ ᠠᠯᠠᠭ ᠵᠢᠰᠦᠮ ᠤᠨ ᠬᠤᠰᠠᠷᠠᠩ ᠦᠨᠢᠶ᠎ᠠ ᠲᠠᠭᠤᠭᠰᠠᠭᠠᠷ ᠬᠦᠷᠴᠤ ᠢᠷᠡᠵᠠᠢ᠃ | ᠡᠵᠢ ᠪᠠᠶᠠᠷᠯᠠᠵᠤ᠄ | ︽ᠠᠱᠢᠬᠦᠢ ᠳ᠋ᠠ︕ ᠡᠪᠦᠭᠡᠨ ᠮᠢᠨᠢ ᠶᠠᠭᠤᠨ ᠰᠠᠶᠢᠨ ᠶᠤᠮ ᠪᠤᠢ᠂ ᠬᠠᠮᠢᠭ᠎ᠠ ᠠᠴᠠ ᠠᠪᠤᠪᠠ︖︾ ᠬᠡᠵᠤ | ᠤᠯᠵᠠᠷᠬᠠᠨ ᠭᠠᠭᠴᠠ ᠠᠶᠠᠭ᠎ᠠ ᠰᠦ ᠲᠠᠢ ᠴᠠᠢ ᠤᠤᠭᠤᠵᠤ᠂ ᠭᠤᠤᠯ ᠢᠶᠠᠨ ᠪᠤᠰᠢᠭᠤᠬᠠᠨ ᠴᠠᠭᠠᠯᠠᠶ᠎ᠠ ᠭᠡᠮᠡᠨ ᠲᠤᠭᠤᠭ᠎ᠠ | ᠰᠢᠨᠠᠭ᠎ᠠ ᠪᠠᠨ ᠤᠴᠠᠷᠠᠭᠤᠯᠤᠨ ᠭᠠᠯ ᠲᠦᠯᠡᠪᠡ᠃ | ᠠᠪᠤ ᠤᠳᠠᠳᠠᠯ᠎ᠠ ᠴᠢᠮᠡᠭᠡ ᠦᠬᠡᠢ ᠰᠠᠭᠤᠭᠰᠠᠨ ᠢᠶᠠᠨ᠄ | ︽ᠵᠠ ᠬᠦᠭᠰᠢᠨ ᠮᠢᠨᠢ ᠬᠠᠯᠠᠭᠤᠨ ᠬᠤᠰᠢᠭᠤᠳᠤ ᠮᠠᠯ ᠤᠨ ᠪᠤᠶᠠᠨ ᠦᠬᠡᠢ ᠤᠯᠤᠰ ᠤᠳ ᠲᠦᠪ ᠤᠷᠤᠵᠤ | ᠰᠢᠪᠠᠷ ᠪᠠᠷᠠᠭᠠᠳᠠᠬᠤ ᠠᠴᠠ ᠪᠢᠰᠢ᠃ ᠪᠢ ᠬᠤᠷᠰᠢᠶᠠᠨ ᠳᠤ ᠠᠵᠢᠯᠯᠠᠬᠤ ᠪᠠᠷ ᠪᠤᠯᠤᠯ᠎ᠠ︾ ᠭᠡᠪᠡ᠃ | ︽ᠠᠱᠢᠬᠦᠢ ᠲᠡᠷᠡ ᠨᠢ ᠲᠡᠭᠡᠷ᠎ᠠ᠃ ᠲᠦᠷᠦᠬᠦᠴᠢ ᠶᠢᠨ ᠭᠡᠤᠭᠡᠳ ᠰᠤᠷᠭᠠᠭᠤᠯᠢ ᠳᠤ ᠴᠤ ᠤᠷᠤᠬᠤ ᠪᠤᠯᠤᠯ᠎ᠠ︾ | ᠭᠡᠮᠡᠨ ᠬᠠᠷᠢᠯᠴᠠᠨ ᠵᠦᠪᠰᠢᠯᠳᠤᠵᠤ ᠭᠠᠭᠴᠠ ᠦᠨᠢᠶ᠎ᠠ ᠪᠠᠨ ᠲᠠᠭᠤᠭᠰᠠᠭᠠᠷ ᠰᠤᠮᠤᠨ ᠤ ᠲᠦᠪ ᠪᠠᠷᠠᠳᠠᠭᠰᠠᠭᠠᠷ ᠮᠠᠨᠠᠶᠢᠬᠢ | ᠲᠦᠪ ᠤᠨ ᠠᠶᠢᠯ ᠪᠤᠯᠤᠯ᠎ᠠ᠃ | ᠠᠪᠤ ᠮᠠᠨᠠᠭᠠᠴᠢ ᠬᠢᠵᠤ᠂ ᠠᠪᠤᠭᠰᠠᠨ ᠭᠡᠳᠤ ᠪᠠᠷ ᠢᠶᠠᠨ ᠪᠢᠳᠠᠨ ᠢ ᠲᠡᠵᠢᠭᠡᠨ᠎ᠠ᠃ ᠲᠤᠮᠤ ᠠᠬ᠎ᠠ ᠨᠠᠮᠤᠷ ᠨᠢ | ᠰᠤᠷᠭᠠᠭᠤᠯᠢ ᠳᠤ ᠤᠷᠤᠪᠠ᠃ ᠡᠵᠢ ᠭᠠᠭᠴᠠ ᠦᠨᠢᠶᠡᠨ ᠤ ᠪᠠᠨ ᠲᠡᠯᠡᠩ ᠢ ᠰᠢᠪᠳᠤᠷᠴᠤ ᠴᠠᠢ ᠶᠢᠨ ᠰᠦ᠂ ᠠᠶᠠᠭ᠎ᠠ | ᠲᠠᠷᠠᠭ ᠢᠰᠭᠡᠨ ᠪᠢᠳᠠ ᠬᠡᠳᠦ ᠶᠢᠨ ᠢᠶᠠᠨ ᠬᠤᠭᠤᠯᠠ ᠤᠮᠳᠠ ᠶᠢ ᠪᠠᠵᠠᠭᠠᠨ ᠪᠤᠷᠪᠢ ᠨᠤᠭᠤᠷᠠᠯ ᠦᠬᠡᠢ ᠬᠦᠳᠡᠯᠦᠨ᠎ᠠ᠃ | ᠠᠯᠠᠭ ᠦᠨᠢᠶ᠎ᠠ ᠮᠢᠨᠢ ᠰᠦ ᠶᠡᠭᠡ ᠲᠠᠢ ᠪᠤᠯᠬᠤᠷ ᠡᠵᠢ ᠬᠠᠶᠢᠷᠠᠳᠠᠢ ᠬᠡᠵᠤ ᠵᠢᠭᠳᠡᠶᠢᠭᠡᠨ᠃ ᠬᠤᠭᠤᠷᠬᠠᠢ ᠰᠡᠬᠦᠯ ᠲᠠᠢ | ᠪᠤᠯᠬᠤᠷ ︽ᠮᠤᠭᠵᠤᠭᠤ︾ ᠬᠡᠵᠤ ᠨᠠᠷᠡᠯᠡᠪᠡ᠃ | ᠡᠵᠢ ᠮᠤᠭᠵᠤᠭᠤ ᠶᠢ ᠪᠡᠯᠴᠢᠭᠡᠷ ᠲᠤ ᠶᠠᠪᠤᠪᠠᠴᠤ ᠲᠠᠭᠠᠵᠤ᠂ ᠤᠷᠤᠢ ᠬᠤᠳᠠᠯᠠᠪᠠᠴᠤ ᠲᠠᠭᠠᠵᠤ᠂ ᠪᠢᠳᠡᠨ ᠠᠴᠠ | ᠦᠭᠡᠷ᠎ᠠ ᠴᠤ ᠦᠬᠡᠢ ᠠᠷᠠᠴᠢᠯᠠᠨ᠎ᠠ᠃ ᠬᠤᠶᠢᠳᠤᠨ ᠵᠢᠯ ᠨᠢ ᠮᠤᠭᠵᠤᠭᠤ ᠲᠤᠭᠤᠯᠯᠠᠵᠤ ᠪᠦᠬᠡᠮ ᠪᠠᠶᠠᠷ ᠪᠤᠯᠤᠯ᠎ᠠ᠃ ᠠᠪᠤ | ᠮᠤᠭᠵᠤᠭᠤ ᠳᠤ ᠲᠤᠭᠤᠯ ᠲᠠᠢ ᠲᠤᠰᠬᠠᠢ ᠰᠠᠷᠠᠪᠴᠢ ᠪᠠᠷᠢᠵᠤ ᠦᠭᠴᠠᠢ᠃ ᠠᠬ᠎ᠠ ᠬᠢᠴᠢᠶᠠᠯ ᠠᠴᠠ ᠪᠠᠨ ᠢᠷᠡᠭᠡᠳ | ᠮᠤᠭᠵᠤᠭᠤ ᠶᠢᠨ ᠰᠠᠷᠠᠪᠴᠢ ᠶᠢ ᠴᠡᠪᠡᠷᠯᠡᠬᠦ᠂ ᠪᠠᠭᠠᠰᠤ ᠶᠢ ᠨᠢ ᠬᠠᠳᠠᠭᠠᠬᠤ ᠬᠡᠳ ᠪᠠᠰᠠ ᠨᠢᠭᠡ ᠠᠵᠢᠯ ᠲᠠᠢ ᠪᠤᠯᠪᠠ᠃ | ᠤᠯᠠᠨ ᠵᠢᠯ ᠦᠩᠭᠡᠷᠡᠯ᠎ᠠ᠃ ᠪᠢ ᠨᠠᠶᠢᠮᠠᠨ ᠨᠠᠰᠤ ᠬᠦᠷᠴᠤ ᠰᠤᠷᠭᠠᠭᠤᠯᠢ ᠳᠤ ᠤᠷᠤᠪᠠ᠃ ᠮᠤᠭᠵᠤᠭᠤ ᠶᠢᠨ | ᠪᠠᠶᠢᠷᠢ ᠤᠯᠠᠮ ᠲᠡᠯᠡᠵᠤ ᠲᠤᠭᠤᠯ ᠤᠨ ᠪᠠᠶᠢᠷᠢ᠂ ᠡᠪᠡᠰᠤᠨ ᠤ ᠰᠠᠷᠠᠪᠴᠢ ᠬᠡᠳ ᠵᠦᠩᠳᠡᠭᠡᠨ ᠶᠠᠭᠤᠮ᠎ᠠ ᠨᠡᠮᠡᠭᠳᠡᠪᠡ᠃ | ᠶᠠᠭᠠᠬᠢᠭᠠᠳ ᠬᠡᠪᠡᠯ ᠮᠤᠭᠵᠤᠭᠤ ᠶᠢᠨ ᠦᠷ᠎ᠠ ᠲᠦᠯ ᠦᠷᠡᠵᠢᠭᠰᠡᠭᠡᠷ ᠮᠠᠨᠠᠶᠢᠬᠢ ᠠᠷᠪᠠ ᠭᠠᠷᠤᠢ ᠦᠬᠡᠷ ᠲᠠᠢ ᠪᠤᠯᠪᠠ᠃ | ᠠᠬ᠎ᠠ ᠨᠠᠶᠢᠮᠠᠳᠤᠭᠠᠷ ᠠᠩᠬᠢ ᠲᠡᠬᠦᠰᠭᠡᠭᠡᠳ ᠬᠤᠳᠠ ᠤᠷᠤᠭᠤ ᠲᠧᠭᠨᠢᠺᠦ᠋ᠮ ᠳᠤ ᠶᠠᠪᠤᠯ᠎ᠠ᠃ ᠦᠭᠡᠷ ᠤᠨ ᠬᠠᠰᠢᠶ᠎ᠠ | ᠰᠠᠷᠠᠪᠴᠢ ᠴᠡᠪᠡᠷᠯᠡᠬᠦ᠂ ᠲᠤᠭᠤᠯ ᠢᠶᠠᠨ ᠬᠠᠷᠢᠭᠤᠯᠬᠤ ᠭᠡᠳ ᠠᠬ᠎ᠠ ᠶᠢᠨ ᠬᠢᠳᠡᠭ ᠠᠵᠢᠯ ᠨᠠᠳᠠ ᠨᠤᠭᠳᠠᠪᠠ᠃ | ᠢᠩᠬᠢᠬᠡᠳ ᠯᠠ ᠪᠢ ᠦᠬᠡᠷᠴᠢᠨ ᠪᠤᠯᠤᠯ᠎ᠠ᠃ | ᠤᠯᠠᠨ ᠵᠢᠯ ᠦᠩᠭᠡᠷᠡᠭᠰᠡᠭᠡᠷ ᠁ | ᠠᠬ᠎ᠠ ᠪᠢᠳᠠ ᠬᠤᠶᠠᠷ ᠠᠪᠤ ᠶᠢᠨ ᠢᠶᠠᠨ ᠵᠢᠷᠠᠨ ᠨᠠᠰᠤᠨ ᠤ ᠤᠢ ᠶᠢ ᠲᠡᠮᠳᠡᠭᠯᠡᠬᠦ ᠪᠠᠷ ᠲᠤᠪᠯᠠᠭᠰᠠᠨ ᠴᠠᠭ ᠲᠤ | ᠨᠤᠳᠤᠭ ᠲᠠᠭᠠᠨ ᠤᠴᠢᠪᠠ᠃ ᠠᠪᠤ ᠮᠢᠨᠢ ᠬᠠᠶᠠ ᠡᠮᠦᠰᠳᠡᠭ ᠬᠦᠭᠡ ᠲᠤᠷᠭᠠᠨ ᠲᠡᠪᠡᠯ ᠢᠶᠠᠨ ᠡᠮᠦᠰᠦᠭᠡᠳ ᠭᠡᠷ ᠤᠨ | ᠬᠤᠶᠢᠮᠦᠷ ᠲᠤ ᠪᠠᠶᠠᠷ ᠤᠨ ᠮᠦᠰᠢᠶᠠᠯ ᠲᠦᠬᠦᠷᠡᠩ ᠰᠠᠭᠤᠨ᠎ᠠ᠃ ᠡᠪᠦᠷ ᠲᠡᠭᠡᠷ᠎ᠠ ᠨᠢ ᠠᠴᠢ ᠦᠬᠢᠨ ᠡᠷᠬᠡᠯᠡᠨ | ᠨᠠᠭᠠᠳᠤᠨ᠎ᠠ᠃ ᠡᠩᠭᠡᠷ ᠲᠤᠨᠢ ᠠᠯᠳᠠᠨ ᠭᠠᠳᠠᠰᠤ ᠤᠳᠤᠨ᠂ ᠪᠠᠰᠠ ᠤᠯᠠᠨ ᠮᠧᠳᠡᠯ᠂ ᠬᠤᠳᠠᠯᠳᠤᠭᠠᠨ ᠤ ᠲᠡᠷᠢᠬᠦᠨ ᠤ | ᠠᠵᠢᠯᠴᠢᠨ ᠤ ᠲᠡᠮᠳᠡᠭ ᠵᠡᠬᠦᠯᠳᠡᠳᠡᠢ ᠪᠠᠶᠢᠨ᠎ᠠ᠃ | ︽ᠤᠯᠤᠰ ᠲᠤ ᠠᠵᠢᠯᠯᠠᠬᠤ ᠰᠠᠶᠢᠬᠠᠨ ᠶᠤᠮ ᠡ᠃ ᠪᠡᠴᠢᠨ ᠵᠢᠯ ᠤᠨ ᠵᠤᠳ ᠢᠶᠠᠷ ᠡᠨᠡ ᠬᠦᠦ ᠮᠢᠨᠢ ᠲᠦᠷᠦᠵᠤ | ᠪᠠᠶᠢᠭᠰᠠᠨ ᠶᠤᠮ ᠳ᠋ᠠᠭ︾ ᠭᠡᠳ ᠴᠤᠭᠯᠠᠷᠠᠭᠰᠠᠨ ᠤᠯᠠᠨ ᠳᠤ ᠨᠠᠮᠠᠶᠢ ᠵᠢᠭᠠᠨ᠄ | ︽ᠬᠦᠦ ᠮᠢᠨᠢ ᠬᠦᠮᠦᠰ ᠲᠤ ᠠᠶᠢᠷᠠᠭ ᠠᠴᠠ ᠪᠠᠨ ᠠᠶᠠᠭᠠᠯᠠ︕︾ ᠬᠡᠪᠡ᠃ | ᠪᠢ ᠪᠤᠰᠴᠤ᠄ | ︽ᠵᠠ᠂ ᠠᠪᠤ ᠡ᠂ ᠤᠳᠤᠬᠠᠨ︕︾ ᠬᠡᠪᠡ᠃ | ᠠᠪᠤ ᠶᠠᠷᠢᠶ᠎ᠠ ᠪᠠᠨ ᠦᠷᠬᠦᠯᠵᠢᠯᠡᠬᠦᠯᠪᠡ᠃ | ︽᠁ ᠲᠡᠬᠦᠨ ᠠᠴᠠ ᠬᠤᠶᠢᠰᠢ ᠬᠤᠷᠢ ᠭᠠᠷᠤᠢ ᠵᠢᠯ ᠦᠩᠭᠡᠷᠡᠴᠢᠭᠡᠯᠠ᠃ ᠲᠤᠮᠤ ᠬᠦᠦ ᠮᠢᠨᠢ ᠬᠦᠮᠦᠨ ᠤ | ᠶᠡᠭᠡ ᠡᠮᠴᠢ᠃ ᠡᠨᠡ ᠬᠦᠦ ᠮᠢᠨᠢ ᠡᠳ᠋ ᠤᠨ ᠵᠠᠰᠠᠭᠴᠢ᠃ ᠵᠠ ᠲᠡᠭᠡᠭᠡᠳ ᠪᠤᠰᠤᠳ ᠨᠢ ᠨᠤᠳᠤᠭ ᠲᠠᠭᠠᠨ᠂ ᠲᠠᠨᠠᠷ ᠶᠠᠭᠤ | ᠡᠰᠡ ᠠᠨᠳᠠᠬᠤ ᠪᠤᠢ︖ ᠬᠦᠭᠰᠢᠨ ᠮᠢᠨᠢ ᠶᠠᠭᠠᠭᠢᠬᠤᠪ᠂ ᠡᠨᠡ ᠭᠡᠷ ᠤᠨ ᠵᠢᠰᠠ ᠶᠢᠨ ᠲᠤᠮᠤ ᠨᠢᠷᠪᠠ ᠁ ᠲᠤᠮᠤ | ᠬᠦᠮᠦᠨ ᠰᠢᠤ︕︾ ᠬᠡᠳ ᠢᠨᠢᠶᠡᠪᠡ᠃ ᠭᠡᠷ ᠲᠦᠭᠦᠷᠡᠩ ᠢᠨᠢᠶᠡᠳᠤ ᠬᠦᠷ ᠪᠤᠯᠵᠠᠭᠠᠪᠠ᠃ | ᠡᠵᠢ ᠮᠢᠨᠢ ᠲᠡᠨᠳᠠ ᠠᠴᠠ᠄ | ︽ᠡᠪᠦᠭᠡᠨ ᠲᠠ ᠬᠠᠳᠤᠤᠷᠠᠭᠠᠳ ᠰᠠᠭᠤᠬᠤ ᠪᠠᠷ ᠨᠠᠭᠠᠳᠤᠭᠢ ᠬᠦᠮᠦᠰ ᠢᠶᠠᠨ ᠢᠳᠡᠬᠦᠯᠵᠤ ᠤᠤᠭᠤᠯᠭᠠᠴᠢ︕︾ | ᠭᠡᠨ᠎ᠠ᠃ | ︽ᠵᠠ ᠲᠠᠷᠡ᠂ ᠢᠩᠬᠢᠭᠡᠳ ᠲᠤᠰᠢᠶᠠᠯ ᠪᠠᠭᠤᠯᠭᠠᠳᠠᠭ ᠬᠦᠮᠦᠨ ᠰᠢᠤ᠃ ᠠᠯᠢ ᠪᠤᠢ᠂ ᠭᠡᠤᠭᠡᠳ ᠤᠳ ᠮᠢᠨᠢ | ᠢᠳᠡᠵᠤ ᠤᠤᠭᠤᠭᠠᠴᠢ︕︾ ᠭᠡᠪᠡ᠃ | ᠡᠵᠢ ᠲᠡᠨᠳᠡ ᠠᠴᠠ ᠮᠦᠩᠬᠦᠯᠡᠭᠰᠡᠨ ᠬᠤᠶᠠᠷ ᠡᠪᠡᠷ ᠲᠤ ᠰᠦ ᠲᠦᠬᠦᠷᠭᠡᠵᠤ ᠬᠦᠮᠦᠰ ᠲᠤ ᠦᠭᠬᠦᠭᠡᠳ | ᠬᠤᠶᠢᠮᠤᠷ ᠠᠴᠠ ᠡᠬᠢᠯᠡᠨ ᠭᠡᠷ ᠤᠨ ᠬᠤᠶᠠᠷ ᠲᠠᠯ᠎ᠠ ᠪᠠᠷ ᠲᠤᠷᠤᠭᠰᠢ ᠶᠠᠪᠤᠭᠤᠯᠪᠠ᠃ | ︽ᠭᠡᠤᠭᠡᠳ ᠤᠳ ᠮᠢᠨᠢ ᠠᠮᠰᠠᠵᠠᠭᠠ︕ ᠡᠨᠡ ᠪᠤᠯ ᠡᠭᠡᠴᠢ ᠶᠢᠨ ᠴᠢᠨᠢ ᠪᠡᠯᠡᠭ ᠲᠡᠮᠪᠡᠷᠢᠯ ᠤᠨ ᠬᠤᠨᠳᠠᠭ᠎ᠠ | ᠪᠤᠯᠤᠭ︕ ᠮᠢᠨᠤ ᠬᠠᠮᠤᠭ ᠬᠠᠶᠢᠷᠠᠳᠠᠢ ᠮᠤᠭᠵᠤᠭᠤ ᠶᠢᠨ ᠬᠤᠶᠠᠷ ᠡᠪᠡᠷ ᠶᠤᠮ᠃ ᠡᠳᠡ ᠴᠦᠮ ᠢᠶᠠᠷ ᠢᠶᠠᠨ | ᠮᠤᠭᠵᠤᠭᠤ ᠶᠢᠨ ᠦᠷ᠎ᠠ ᠲᠦᠯ ︵ᠲᠡᠷᠡ ᠡᠮᠦᠨ᠎ᠠ ᠪᠡᠯᠴᠢᠵᠤ ᠶᠠᠪᠤᠭ᠎ᠠ ᠦᠭᠡᠷ ᠰᠦᠷᠦᠭ ᠢ ᠵᠢᠭᠠᠵᠤ︶ ᠪᠠᠶᠢᠭ᠎ᠠ ᠶᠤᠮ | ᠳ᠋ᠠ᠃ ᠮᠠᠨᠠᠶᠢᠬᠢ ᠡᠳᠦᠢ ᠵᠡᠭᠡᠭᠡᠭᠰᠡᠨ ᠠᠶᠢᠯ ᠶᠠᠪᠤᠭ᠎ᠠ ᠮᠢᠨᠢ ᠴᠤ ᠡᠨᠡ ᠮᠠᠯ ᠤᠨ ᠪᠤᠶᠠᠨ ᠰᠢᠤ᠂ ᠬᠦᠭᠡᠷᠤᠬᠦᠢ︕ | ᠮᠤᠭᠵᠤᠭᠤ ᠶᠢᠨ ᠰᠦ ᠶᠢ ᠡᠨᠡ ᠬᠡᠳᠦᠨ ᠭᠡᠤᠭᠡᠳ ᠤᠤᠭᠤᠵᠤ ᠦᠰᠦᠭᠰᠡᠨ ᠪᠤᠯᠬᠤᠷ ᠪᠢ ᠦᠨᠦᠳᠦᠷ ᠮᠤᠭᠵᠤᠭᠤ ᠪᠠᠨ | ᠲᠤᠷᠠᠰᠬᠠᠵᠤ ᠪᠠᠶᠢᠨ᠎ᠠ︾ ᠭᠡᠳ ᠰᠦ ᠰᠢᠭ ᠰᠡᠳᠬᠢᠯ ᠲᠠᠢ ᠮᠢᠨᠤ ᠰᠠᠶᠢᠬᠠᠨ ᠡᠵᠢ ᠦᠷ᠎ᠠ ᠠᠴᠢ ᠨᠠᠷ ᠲᠠᠭᠠᠨ ᠰᠦ | ᠦᠭᠴᠤ ᠪᠠᠶᠢᠯ᠎ᠠ᠃ | ᠡᠪᠡᠷ ᠬᠤᠨᠳᠠᠭ᠎ᠠ ᠲᠠᠢ ᠰᠦ ᠶᠢ ᠪᠢ ᠬᠤᠶᠠᠷ ᠭᠠᠷᠳᠠᠨ ᠪᠠᠷᠢᠵᠤ ᠠᠮᠰᠠᠪᠠᠯ ᠮᠠᠯ ᠳᠤ ᠬᠡᠵᠢᠶᠡᠨᠠᠢ ᠠᠴᠠ | ᠬᠠᠶᠢᠷᠠᠳᠠᠢ ᠮᠤᠩᠭᠤᠯ ᠬᠦᠮᠦᠨ ᠤ ᠰᠡᠳᠬᠢᠯ ᠲᠡᠷᠡ ᠰᠦ ᠳᠤ ᠰᠢᠩᠭᠡᠭᠰᠡᠨ ᠢ ᠰᠠᠶᠢ ᠮᠡᠳᠡᠷᠡᠪᠡ᠃ | ᠵᠣᠬᠢᠶᠠᠭᠴᠢ᠄ ︵ᠮᠤᠩᠭᠤᠯ ᠤᠯᠤᠰ︶ ᠵ᠊ · ᠲᠤᠭᠠᠷᠵᠠᠪ | | | | | | | | | | | | ᠁ |