ᠨᠠᠷᠠ ᠪᠤᠴᠠᠵᠤ ᠲᠤᠭᠤᠷᠤᠳ ᠬᠤᠷᠭᠤᠳᠠᠨ᠎ᠠ
ᠨᠡᠶᠢᠲᠡᠯᠡᠭᠰᠡᠨ ᠴᠠᠭ᠄
2018/6/25
    ᠲᠡᠭᠷᠢ ᠶᠢᠨ ᠬᠦᠬᠡ ᠰᠢᠪᠠᠭᠤ ᠮᠠᠨ ᠤ ᠨᠤᠳᠤᠭ ᠤᠨ ᠨᠤᠮᠤᠬᠠᠨ ᠲᠠᠯ᠎ᠠ ᠪᠠᠷ ᠲᠤᠩᠭᠤᠯᠵᠠᠵᠤ᠂ ᠵᠤᠭᠳᠤᠷ ᠶᠤᠭᠠᠨ ᠲᠡᠪᠢᠰᠦᠨ ᠪᠦᠬᠦᠯᠵᠡᠵᠦ᠂ ᠴᠠᠮ ᠬᠠᠷᠠᠶᠢᠨ ᠵᠢᠷᠭᠠᠵᠤ ᠪᠠᠶᠢᠬᠤ ᠶᠢ ᠬᠠᠷᠠᠬᠤᠶ᠎ᠠ ᠲᠡᠷᠡ ᠵᠢᠯ ᠤᠨ ᠨᠠᠷᠠ ᠬᠤᠷ᠎ᠠ ᠲᠡᠭᠰᠢᠷᠠᠵᠤ᠂ ᠨᠠᠪᠴᠢ ᠨᠤᠭᠤᠭ᠎ᠠ ᠵᠢᠭᠳᠡᠷᠡᠬᠦ ᠵᠤᠨ ᠤ ᠦᠩᠭᠡ ᠶᠢ ᠲᠠᠨᠢᠳᠠᠭ ᠭᠡᠵᠦ ᠶᠠᠷᠢᠯᠴᠠᠬᠤ ᠨᠢ ᠤᠷᠤ ᠦᠭᠡᠢ ᠴᠤ ᠦᠭᠡ ᠪᠢᠰᠢ ᠡ᠃     ᠬᠦᠭᠡᠷᠦᠬᠦ᠋ᠢᠰ᠂ ᠤᠷᠢ ᠲᠠᠭᠠᠭᠤᠯᠵᠤ ᠢᠷᠡᠳᠡᠭ ᠴᠠᠩ ᠲᠤᠭᠤᠷᠤᠤ ᠬᠡᠮᠡᠬᠦ ᠲᠡᠭᠷᠢ ᠶᠢᠨ ᠬᠦᠬᠡ ᠰᠢᠪᠠᠭᠤᠳ ᠠᠭᠤᠯᠠᠰ᠂ ᠡᠭᠦᠯᠡᠰ ᠤᠨ ᠲᠤᠮᠳᠠᠭᠤᠷ ᠰᠠᠯᠬᠢ ᠰᠢᠭᠤᠷᠭ᠎ᠠ᠂ ᠴᠠᠰᠤ ᠰᠢᠮᠠᠷᠭ᠎ᠠ ᠠᠯᠢ ᠪᠦᠬᠦᠨ ᠢ ᠭᠠᠯ ᠡᠯᠢᠭᠡ ᠪᠠᠷ ᠢᠶᠠᠨ ᠵᠦᠰᠦᠨ ᠵᠢᠭᠦᠷ ᠶᠦᠭᠡᠨ ᠴᠤᠴᠠᠭᠠᠵᠤ ᠭᠠᠩᠭᠠᠨᠠᠨ ᠭᠠᠩᠭᠠᠨᠠᠯᠳᠤᠭᠰᠠᠭᠠᠷ ᠢᠷᠡᠬᠦ ᠭᠡᠳᠡᠭ ᠬᠠᠷᠠᠵᠤ ᠬᠠᠨᠤᠰᠢ ᠦᠭᠡᠢ ᠭᠠᠶᠢᠬᠠᠮᠰᠢᠭ᠃ ᠠᠭᠤᠯᠠᠰ᠂ ᠡᠭᠦᠯᠡᠰ ᠢ ᠲᠠᠯᠢ ᠵᠢᠭᠦᠷ ᠢᠶᠠᠷ ᠢᠶᠠᠨ ᠲᠠᠯᠠᠯᠤᠨ ᠰᠠᠪᠠᠵᠤ᠂ ᠬᠤᠨᠢ ᠬᠤᠷᠠᠭ᠎ᠠ ᠮᠡᠳᠦ ᠲᠠᠭᠤ ᠲᠠᠭᠤ ᠪᠠᠨ ᠠᠪᠤᠯᠴᠠᠨ ᠭᠠᠩᠭᠠᠨᠠᠯᠳᠤᠵᠤ᠂ ᠨᠤᠳᠤᠭ ᠲᠠᠭᠠᠨ ᠤᠤᠯ ᠠᠯᠳᠠᠢ ᠳᠠᠭᠠᠨ ᠢᠷᠡᠭᠰᠡᠨ ᠤ ᠪᠠᠶᠠᠷ ᠢ ᠪᠢᠳᠡᠨ ᠲᠠᠢ ᠪᠠᠨ ᠬᠤᠪᠢᠶᠠᠯᠴᠠᠨ᠎ᠠ᠃ ᠨᠠᠰᠤᠨ ᠪᠤᠭᠤᠷᠤᠯ ᠤᠳ ᠨᠤᠳᠤᠭ ᠤᠨ ᠢᠶᠠᠨ ᠲᠤᠭᠤᠷᠤᠤ ᠶᠢ ᠲᠤᠭ᠎ᠠ ᠵᠢᠰᠦ ᠪᠠᠷ ᠨᠢ ᠠᠨᠳᠤᠬᠤ ᠦᠭᠡᠢ᠃ ︽ᠠᠢ ᠳ᠋ᠠ᠂ ᠢᠷᠭᠤᠢ ᠰᠢᠭ᠋ ᠯᠡ ᠴᠡᠩᠬᠡᠷᠳᠦᠵᠦ ᠪᠠᠶᠢᠨ᠎ᠠ ᠳ᠋ᠠ᠃ ᠦᠩᠭᠡᠳᠡᠢ ᠪᠠᠶᠢᠨ᠎ᠠ ᠡ᠂ ᠡᠴᠡᠵᠦ ᠴᠤᠴᠠᠭ᠎ᠠ ᠦᠭᠡᠢ ᠪᠠᠶᠢᠨ᠎ᠡ᠃ ᠬᠡᠳᠦᠨ ᠲᠠᠯᠠᠢ ᠶᠢ ᠭᠠᠳᠤᠯᠵᠤ ᠢᠷᠡᠭᠰᠡᠨ ᠭᠡᠬᠦ ᠳᠤ ᠬᠡᠪ ᠢᠶᠠᠷ ᠢᠶᠠᠨ︾ ᠭᠡᠯᠴᠡᠨ ᠲᠤᠷᠠᠨᠳᠠᠵᠤ ᠰᠠᠭᠤᠨ᠎ᠠ᠃ ᠠᠳᠤᠭᠤ ᠮᠠᠯ ᠢᠶᠠᠨ ᠲᠠᠨᠢᠵᠤ ᠵᠢᠰᠦᠯᠡᠭᠰᠡᠨ ᠰᠢᠭ ᠢᠶᠠᠨ ᠨᠤᠳᠤᠭ ᠤᠨ ᠢᠶᠠᠨ ᠵᠢᠬᠦᠷᠳᠡᠨ ᠢ ᠵᠢᠰᠦᠯᠡᠵᠦ ᠨᠡᠷᠡᠯᠡᠭᠰᠡᠨ ᠡᠪᠦᠭᠡᠳ ᠮᠢᠨᠢ ᠤᠬᠠᠭᠠᠨ ᠤ ᠪᠤᠷᠬᠠᠳ ᠭᠡᠯᠳᠡᠢ᠃ ᠲᠡᠷᠡ ᠵᠢᠯ ᠮᠠᠨ ᠤ ᠪᠤᠮᠪᠠᠳᠤ ᠶᠢᠨ ᠵᠤᠨᠰᠢᠯᠠᠭ᠎ᠠ ᠰᠠᠶᠢᠬᠠᠨ ᠪᠠᠶᠢᠭᠰᠠᠨ ᠢ ᠬᠡᠯᠡᠬᠦ ᠤᠤ᠃ ᠲᠤᠭᠤᠷᠤᠤ ᠡᠯᠪᠡᠭ ᠢ ᠴᠤ ᠶᠠᠭᠠᠬᠢᠬᠤ ᠪᠤᠢ᠃ ᠴᠤᠬᠤᠮ ᠳᠠᠭᠠᠨ ᠯᠠ ᠠᠮᠢᠳᠤ ᠵᠢᠷᠤᠭ ᠭᠡᠯᠳᠡᠢ ᠦᠩᠭᠡ ᠬᠤᠤᠰᠯᠠᠵᠤ ᠬᠤᠨᠢ᠂ ᠲᠤᠭᠤᠷᠤᠤ ᠬᠤᠶᠠᠷ ᠬᠠᠮᠳᠤ ᠬᠤᠳᠠᠯᠠᠬᠤ ᠨᠢ ᠬᠤᠯᠠ ᠦᠭᠡᠢ ᠨᠡᠯᠡᠶᠢᠵᠦ ᠪᠠᠶᠢᠯ᠎ᠠ᠃ ᠨᠢᠭᠡ ᠯᠡ ᠮᠡᠳᠡᠬᠦ ᠳᠤ ᠮᠦᠨᠦᠬᠢ ᠤᠯᠠᠨ ᠲᠤᠭᠤᠷᠤᠤ ᠲᠡᠭᠳᠡᠭᠡᠭᠡᠢ ᠪᠠᠨ ᠲᠠᠭᠠᠭᠤᠯᠤᠨ ᠮᠦᠷᠬᠦᠵᠦ ᠰᠦᠬᠦᠷᠡᠵᠦ ᠶᠠᠪᠤᠬᠤ ᠪᠤᠯᠪᠠ᠃ ︽ᠬᠦᠭᠡᠷᠦᠬᠦ᠋ᠢᠰ᠂ ᠮᠦᠨ ᠴᠤ ᠦᠰᠴᠦ ᠦᠷᠡᠵᠢᠵᠦ ᠪᠠᠶᠢᠨ᠎ᠠ ᠳ᠋ᠠ︾ ᠭᠡᠵᠦ ᠬᠦᠮᠦᠰ ᠠᠮᠠ ᠠᠮᠠᠨ ᠳᠠᠭᠠᠨ ᠪᠡᠯᠭᠡᠰᠢᠶᠡᠵᠦ ᠵᠤᠨ ᠤ ᠰᠠᠶᠢᠬᠠᠨ ᠢ ᠡᠨᠡ ᠬᠡᠳᠦᠨ ᠲᠤᠭᠤᠷᠤᠤ ᠯᠠ ᠭᠠᠵᠠᠷ ᠤᠨ ᠬᠤᠯᠠ ᠠᠴᠠ ᠠᠪᠴᠤ ᠢᠷᠡᠭᠰᠡᠨ ᠶᠤᠮ ᠰᠢᠭ᠋ ᠪᠠᠶᠠᠰᠤᠨ ᠨᠢᠭᠡᠨ ᠵᠤᠨ ᠢ ᠦᠳᠡᠪᠡ ᠡ᠃ ᠨᠠᠷᠠ ᠪᠤᠴᠠᠵᠤ᠂ ᠡᠪᠡᠰᠦᠨ ᠤ ᠰᠠᠭᠠᠳᠠᠭ ᠲᠤ ᠬᠢᠷᠠᠭᠤ ᠮᠦᠩᠭᠦᠷᠡᠨ᠂ ᠠᠶᠢᠯ ᠬᠤᠳᠠᠯᠠ ᠨᠠᠮᠤᠷᠵᠢᠶ᠎ᠠ ᠪᠠᠨ ᠪᠠᠷᠠᠳᠠᠬᠤ ᠪᠤᠯᠤᠯ᠎ᠠ᠃ ᠲᠠᠯ᠎ᠠ ᠳᠤ ᠦᠳᠦᠯᠡᠭᠰᠡᠨ ᠲᠡᠭᠳᠡᠭᠡᠭᠡᠢ ᠨᠡᠭᠦᠳᠡᠯ ᠰᠠᠭᠤᠳᠠᠯ ᠭᠡᠭᠴᠢ ᠶᠢ ᠮᠡᠳᠡᠬᠦ ᠦᠭᠡᠢ ᠨᠢᠯᠬ᠎ᠠ ᠪᠠᠯᠴᠢᠷ ᠵᠠᠩ ᠢᠶᠠᠷ ᠢᠶᠠᠨ ᠡᠭᠡ ᠶᠢᠨ ᠢᠶᠠᠨ ᠨᠦᠮᠦᠷᠢ ᠪᠠᠷᠠᠳᠠᠨ ᠲᠡᠭᠳᠡᠵᠦ ᠪᠠᠭᠤᠨ᠎ᠠ᠃ ᠤᠷᠴᠢᠯᠠᠩ ᠠᠭᠤᠵᠢᠮ᠂ ᠠᠮᠢᠳᠤᠷᠠᠯ ᠬᠠᠳᠠᠭᠤ ᠭᠡᠳᠡᠭ ᠢ ᠡᠨᠡ ᠮᠡᠳᠦ ᠠᠮᠢᠳᠠᠰ ᠶᠠᠭᠠᠬᠢᠨ ᠮᠡᠳᠡᠬᠦ ᠪᠢᠯᠡ ᠳ᠋ᠡ᠃     ᠨᠠᠷᠠ ᠲᠠᠭᠠᠭᠤᠯᠤᠨ ᠢᠷᠡᠵᠦ᠂ ᠨᠠᠷᠠ ᠲᠠᠭᠠᠭᠤᠯᠤᠭᠠᠳ ᠪᠤᠴᠠᠳᠠᠭ ᠲᠡᠭᠷᠢ ᠶᠢᠨ ᠰᠢᠪᠠᠭᠤᠳ ᠲᠠᠯ᠎ᠠ ᠳᠠᠭᠠᠨ ᠨᠤᠳᠤᠭ ᠲᠠᠭᠠᠨ ᠬᠤᠷᠭᠤᠳᠠᠬᠤ ᠭᠡᠭᠴᠢ᠂ ᠢᠵᠢᠯ ᠲᠠᠰᠤᠯ ᠪᠤᠯᠤᠭᠰᠠᠨ ᠠᠶᠢᠯ ᠤᠳ ᠤᠨ ᠨᠡᠭᠦᠳᠡᠯ ᠳᠤ ᠪᠠᠰᠠ ᠯᠡ ᠴᠢᠳᠤᠷ ᠪᠤᠯᠤᠨ᠎ᠠ᠃ ︽ᠲᠤᠭᠤᠷᠤᠤ ᠪᠤᠴᠠᠬᠤ ᠦᠭᠡᠢ ᠬᠤᠷᠭᠤᠳᠠᠭᠠᠳ ᠪᠠᠶᠢᠬᠤ ᠳᠤ ᠪᠢᠳᠡ ᠴᠢᠨᠢ ᠡᠳᠡᠨ ᠰᠢᠭ ᠶᠠᠮᠠᠷ ᠲᠠᠯᠠᠢ ᠭᠠᠳᠤᠯᠬᠤ ᠭᠡᠵᠦ ᠪᠠᠶᠢᠭ᠎ᠠ ᠪᠢᠰᠢ᠂ ᠬᠡᠳᠦ ᠬᠤᠨᠤᠭ ᠬᠠᠷᠠᠵᠠᠨᠠᠶ᠎ᠠ ᠳ᠋ᠠ︾ ᠭᠡᠯᠴᠡᠨ ᠰᠠᠭᠤᠬᠤ ᠨᠢ ᠮᠤᠩᠭᠤᠯ ᠵᠠᠩ ᠶᠤᠮ ᠳ᠋ᠠ᠃     ᠮᠠᠨ ᠤ ᠬᠢᠨ ᠪᠤᠮᠪᠠᠳᠤ ᠶᠢᠨ ᠢᠶᠠᠨ ᠵᠤᠰᠠᠯᠠᠩ ᠳᠤ ᠰᠢᠪᠠᠭᠤᠳ ᠤᠨ ᠡᠷᠭᠡ ᠪᠠᠷ ᠬᠤᠷᠭᠤᠳᠠᠵᠤ᠂ ᠰᠦ ᠰᠠᠭᠠᠯᠢ ᠨᠢ ᠲᠠᠳᠠᠷᠠᠭᠰᠠᠨ ᠦᠬᠡᠷ ᠲᠤᠭᠤᠯ ᠡᠭᠡ ᠲᠠᠢ ᠪᠠᠨ ᠬᠤᠨᠤᠵᠤ ᠶᠠᠷᠦ ᠨᠢ ᠯᠡ ᠨᠠᠮᠤᠷ ᠤᠷᠦ᠋ᠢᠳᠠᠬᠤ ᠶᠠᠩᠵᠤ ᠲᠠᠢ᠃ ᠬᠦᠮᠦᠨ ᠮᠠᠯ ᠬᠤᠶᠠᠷ ᠲᠤ ᠡᠪᠡᠰᠦ ᠰᠦᠯ ᠰᠠᠶᠢᠳᠠᠢ ᠪᠡᠯᠴᠢᠭᠡᠷ᠂ ᠲᠤᠯᠠᠭᠠᠨ ᠨᠠᠮᠤᠷᠵᠢᠶ᠎ᠠ ᠪᠠᠨ ᠦᠭᠡᠶᠢᠯᠡᠬᠦ ᠨᠢ ᠬᠤᠨᠤᠭ ᠬᠤᠨᠤᠭ ᠢᠶᠠᠷ ᠨᠡᠮᠡᠭᠳᠡᠨ᠎ᠡ᠃ ᠠᠪᠤ ᠭᠡᠵᠦ ᠰᠡᠳᠭᠢᠯ ᠨᠢ ᠭᠡᠭᠡᠯᠵᠡᠵᠦ᠂ ᠬᠦᠯ ᠨᠢ ᠬᠦᠩᠭᠡᠷᠡᠭᠰᠡᠨ ᠬᠦᠮᠦᠨ ︽ᠡᠳ᠋ ᠮᠠᠯ ᠶᠤᠮ ᠰᠠᠨ ᠪᠤᠯ ᠨᠠᠮᠤᠷᠵᠢᠶ᠎ᠠ ᠤᠷᠤᠭᠤ ᠨᠢ ᠵᠦᠭᠯᠡᠭᠦᠯᠴᠢᠬᠦ ᠶᠤᠮ ᠰᠠᠨ᠃ ᠨᠠᠮᠤᠷ ᠤᠷᠦ᠋ᠢᠰᠢᠵᠤ ᠪᠠᠶᠢᠬᠤ ᠳᠤ ᠡᠳᠡ ᠶᠡᠷᠦ ᠨᠢ ᠶᠠᠭᠠᠬᠢᠵᠤ ᠲᠡᠷᠡ ᠶᠡᠭᠡ ᠭᠠᠳᠠᠭᠠᠳᠤ ᠲᠠᠯᠠᠢ ᠶᠢᠨ ᠪᠠᠷ᠎ᠠ ᠬᠠᠷᠠᠨ᠎ᠠ ᠭᠡᠵᠦ ᠬᠤᠷᠭᠤᠳᠠᠵᠤ ᠪᠠᠶᠢᠳᠠᠭ ᠪᠤᠯ︾ ᠭᠡᠮᠡᠨ ᠦᠭᠡᠯᠡᠬᠦ ᠦᠷᠦ ᠡᠪᠡᠳᠬᠦ ᠶᠢᠨ ᠵᠠᠪᠰᠠᠷ ᠲᠤ ᠠᠭᠠᠰᠢᠯᠠᠨ᠎ᠠ᠃ ᠮᠠᠨ ᠤ ᠬᠢᠨ ᠲᠡᠶᠢᠨ ᠪᠠᠰᠠ ᠯᠠ ᠬᠤᠶᠠᠷ ᠭᠤᠷᠪᠠ ᠬᠤᠨᠤᠭ ᠤᠨ ᠨᠡᠭᠦᠳᠡᠯ ᠠᠯᠳᠠᠯ᠎ᠠ᠃ ᠲᠡᠭᠷᠢ ᠶᠢᠨ ᠠᠮᠢᠳᠠᠨ ᠳᠤ ᠬᠤᠷᠭᠤᠳᠠᠬᠤ ᠡᠶᠢᠮᠦ ᠭᠡᠭᠡᠯᠬᠡᠨ ᠵᠠᠩ ᠬᠦᠮᠦᠨ ᠳᠤ ᠪᠠᠰᠠ ᠪᠠᠶᠢᠳᠠᠭ ᠡ ᠭᠡᠬᠦ ᠠᠴᠠ ᠨᠠᠳᠠ ᠳᠤ ᠠᠪᠤ ᠶᠢ ᠪᠠᠨ ᠴᠤ ᠶᠤᠮ ᠤᠤ᠂ ᠠᠯᠢ ᠡᠰᠡᠪᠡᠯ ᠰᠦᠷᠦᠭ ᠲᠤᠭᠤᠷᠤᠤ ᠶᠢ ᠴᠤ ᠶᠤᠮ ᠤᠤ᠂ ᠶᠠᠷᠦ ᠠᠴᠠ ᠨᠢᠭᠡ ᠯᠡ ᠶᠠᠭᠤᠮ᠎ᠠ ᠶᠢ ᠦᠷᠦ ᠡᠪᠡᠳᠬᠦ ᠰᠡᠳᠭᠢᠯ ᠲᠦᠷᠦᠨ᠎ᠡ᠃     ᠠᠪᠤ ᠠᠴᠢᠯᠠᠭ᠎ᠠ ᠤᠨᠤᠯᠭ᠎ᠠ ᠳᠠᠭᠠᠨ ᠶᠠᠪᠤᠨ᠎ᠠ ᠭᠡᠭᠰᠡᠭᠡᠷ ᠦᠷᠯᠦᠭᠡ ᠡᠷᠳᠡᠯᠡᠨ ᠮᠤᠷᠳᠠᠪᠠ᠃ ᠬᠡᠳᠦᠨ ᠲᠡᠮᠡᠭᠡ ᠮᠠᠨᠢ ᠬᠤᠯᠠᠳᠠᠬᠤ ᠴᠤ ᠪᠢᠰᠢ ᠳ᠋ᠠ ᠦᠪᠦᠷ ᠬᠠᠳᠠᠨ ᠳᠤ ᠯᠠ ᠬᠠᠷᠭᠠᠨ᠎ᠠ ᠰᠡᠷᠮᠡᠵᠦ ᠪᠠᠶᠢᠭ᠎ᠠ᠃ ᠭᠡᠳᠡᠯ᠎ᠠ ᠠᠪᠤ ᠪᠦᠷᠦᠢ ᠪᠤᠯᠳᠠᠯ᠎ᠠ ᠢᠷᠡᠭᠰᠡᠨ ᠦᠭᠡᠢ᠃ ᠢᠷᠡᠬᠦ ᠳᠡᠭᠡᠨ ᠴᠢᠷᠠᠢ ᠨᠢ ᠶᠡᠭᠡ ᠯᠡ ᠪᠠᠷᠤᠭᠠᠷ ᠪᠠᠶᠢᠯ᠎ᠠ᠃ ᠰᠢᠷ᠎ᠠ ᠲᠤᠰᠤ ᠬᠦᠪᠪᠦᠭᠰᠡᠨ ᠠᠶᠠᠭ᠎ᠠ ᠴᠠᠢ ᠴᠢᠮᠡᠭᠡ ᠦᠭᠡᠶᠢᠬᠡᠨ ᠤᠭᠤᠴᠢᠯᠠᠵᠤ ᠰᠠᠭᠤᠨ᠎ᠠ᠃     ᠨᠡᠭᠦᠶ᠎ᠡ ᠳ᠋ᠡ᠂ ᠬᠡᠤᠬᠡᠳ ᠤᠳ ᠮᠢᠨᠢ᠃ ᠲᠡᠭᠷᠢ ᠠᠶ᠎ᠠ ᠦᠭᠡᠶᠢᠷᠡᠬᠦ ᠶᠠᠩᠵᠤ ᠲᠠᠢ᠃ ᠬᠤᠶᠢᠳᠤ ᠬᠠᠶᠢᠷᠬᠠᠨ ᠬᠠᠷᠠᠩᠭᠤᠶᠢᠢᠯᠠᠭᠠᠳ ᠁ ᠠᠶ᠎ᠠ ᠦᠭᠡᠢ ᠪᠤᠯ ᠴᠠᠰᠤ ᠴᠤ ᠤᠷᠤᠵᠤ ᠮᠡᠳᠡᠬᠦ ᠨᠢ ᠭᠡᠭᠰᠡᠭᠡᠷ ᠲᠤᠳᠤᠭᠤᠷ ᠰᠠᠨᠠᠭ᠎ᠠ ᠠᠯᠳᠠᠪᠠ᠃ ᠵᠤᠨᠵᠢᠨ ᠨᠢᠷᠤᠭᠤ ᠠᠮᠠᠷᠠᠭᠠᠭᠰᠠᠨ ᠬᠡᠳᠦᠨ ᠠᠳᠠ ᠮᠠᠨᠢ ᠬᠤᠵᠢᠷᠰᠢᠭᠰᠠᠨ ᠪᠤᠯᠤᠯᠳᠠᠢ᠃ ᠭᠠᠩᠭᠠᠨ ᠳᠤ ᠠᠰᠠᠬᠠᠰᠠᠨ ᠦᠨᠡᠰᠦ ᠦᠨᠦᠷᠯᠡᠨ᠂ ᠪᠤᠭᠤᠷᠤᠯ ᠤᠷᠤᠭᠤᠯ ᠢᠶᠠᠷ ᠢᠶᠠᠨ ᠲᠡᠯᠭᠡᠴᠡ ᠲᠠᠢ ᠠᠭᠠᠷᠤᠤᠯ ᠬᠠᠮᠤᠵᠤ ᠠᠵᠢᠯ ᠤᠳᠠᠨ᠎ᠠ᠃ ᠡᠵᠢ ︽ᠬᠦᠦ ᠮᠢᠨᠢ ᠴᠠᠭᠠᠳᠤ ᠦᠨᠡᠰᠦ ᠪᠠᠨ ᠪᠤᠯᠠ᠃ ᠠᠶ᠎ᠠ ᠦᠭᠡᠢ ᠪᠤᠯ ᠲᠡᠮᠡᠭᠡ ᠬᠦᠷᠪᠡᠴᠢᠭᠡᠨ᠎ᠡ᠃ ᠪᠢᠳᠡ ᠯᠡ ᠪᠤᠯᠤᠬᠰᠠᠨ ᠬᠤᠶᠢᠨ᠎ᠠ ᠵᠡᠭᠦᠦ ᠬᠠᠳᠠᠭᠠᠰᠤ ᠪᠠᠨ ᠬᠦᠷᠳᠡᠯ᠎ᠡ ᠦᠨᠡᠰᠦ ᠲᠠᠢ ᠪᠠᠨ ᠭᠠᠷᠭᠠᠭᠠᠳ ᠵᠠᠯᠠᠴᠢᠬᠠᠳᠠᠭ ᠬᠤᠶᠢᠨ᠎ᠠ᠃ ᠮᠠᠯ ᠵᠤᠪᠠᠭᠠᠴᠢᠬᠠᠵᠤ ᠶᠠᠭᠤᠨ ᠮᠠᠭᠠᠳ︾ ᠭᠡᠵᠦ ᠰᠤᠷᠭᠠᠨ᠎ᠠ᠃     ᠪᠦᠷᠦᠢ ᠪᠤᠯᠵᠤ ᠭᠠᠯ ᠰᠢᠳᠦᠭᠰᠡᠨ ᠬᠠᠯᠠᠭᠤᠨ ᠠᠮᠢ ᠪᠢᠳᠡ ᠭᠡᠳᠦ ᠲᠤᠭᠤᠭ᠎ᠠ ᠪᠠᠨ ᠲᠤᠭᠤᠷᠢᠵᠤ ᠰᠠᠭᠤᠳᠠᠯ᠎ᠠ ᠲᠤᠭᠤᠷᠤᠤ ᠭᠠᠩᠭᠠᠨᠠᠯᠳᠤᠵᠤ ᠡᠬᠢᠯᠡᠪᠡ᠃ ᠠᠪᠤ ᠴᠤ ᠨᠢᠳᠦ ᠨᠢ ᠰᠡᠷᠭᠦᠭᠡᠳ ᠢᠷᠡᠯ᠎ᠡ᠃ ︽ᠤᠳᠤ ᠯᠠ ᠨᠤᠳᠤᠭ ᠪᠤᠴᠠᠬᠤ ᠨᠢ ᠳ᠋ᠠ᠂ ᠬᠦᠭᠡᠷᠦᠬᠦ᠋ᠢᠰ︾ ᠭᠡᠭᠰᠡᠭᠡᠷ ᠠᠪᠤ ᠮᠤᠳᠤ ᠲᠤᠯᠤᠭᠠᠢ ᠪᠠᠨ ᠰᠢᠭᠦᠷᠴᠦ ᠠᠪᠤᠨ ᠲᠠᠮᠠᠬᠢ ᠪᠠᠨ ᠨᠡᠷᠡᠭᠰᠡᠨ ᠢᠶᠠᠨ᠂ ︽ᠲᠡᠭᠡᠨ᠎ᠡ ᠡ ᠲᠡᠷᠡ᠂ ᠲᠡᠭᠷᠢ ᠬᠠᠩᠭᠠᠢ ᠮᠠᠭᠤᠳᠠᠬᠤ ᠨᠢ᠃ ᠡᠨᠡ ᠮᠠᠭᠤ ᠭᠠᠩᠰᠠ ᠪᠢᠳᠡᠭᠦᠷᠡᠭᠡᠳ︾ ᠭᠡᠭᠰᠡᠭᠡᠷ ᠰᠡᠳᠭᠢᠭᠦᠷᠳᠡᠵᠦ ᠭᠠᠷᠪᠠ᠃ ᠭᠠᠳᠠᠭ᠎ᠠ ᠲᠤᠭᠤᠷᠤᠤ ᠨᠤᠭᠤᠳ ᠭᠠᠩᠭᠠᠨᠠᠯᠳᠤᠨ᠎ᠠ᠃ ︽ᠠᠮᠢᠳᠠᠨ ᠤ ᠪᠠᠭ᠎ᠠ ᠭᠡᠵᠦ︕ ᠁︾ ᠭᠡᠭᠰᠡᠭᠡᠷ ᠡᠵᠢ ᠰᠠᠨᠠᠭ᠎ᠠ ᠠᠯᠳᠠᠯ᠎ᠠ᠃ ᠪᠢ ᠲᠡᠷᠡ ᠦᠭᠡ ᠶᠢᠨ ᠤᠴᠢᠷ ᠢ ᠤᠯᠤᠭᠰᠠᠨ ᠦᠭᠡᠢ᠃     ᠮᠠᠷᠭᠠᠰᠢ ᠦᠷᠯᠦᠭᠡ ᠨᠢ ᠮᠠᠨ ᠤ ᠨᠤᠳᠤᠭ ᠤᠨ ᠲᠤᠭᠤᠷᠤᠤ ᠨᠤᠭᠤᠳ ᠪᠠᠷ᠎ᠠ ᠰᠤᠷᠠᠭ ᠦᠭᠡᠢ ᠪᠤᠯᠤᠭᠰᠠᠨ ᠪᠠᠶᠢᠪᠠ ᠃ ᠠᠪᠤ ᠴᠤ ᠭᠡᠷ ᠪᠠᠷᠠᠭ᠎ᠠ ᠪᠠᠨ ᠪᠠᠭᠤᠯᠭᠠᠨ ᠠᠴᠢᠶᠠᠯᠠᠵᠤ ᠭᠠᠷᠤᠯ᠎ᠠ᠃ ᠠᠪᠤ ᠪᠦᠷ ᠲᠠᠮᠢᠷ ᠲᠡᠩᠭᠡᠭᠡ ᠤᠷᠤᠴᠢᠬᠠᠭᠰᠠᠨ ᠶᠤᠮ ᠰᠢᠭ᠋ ᠰᠠᠨᠠᠭᠳᠠᠯ᠎ᠠ᠃ ᠠᠶᠢᠯ ᠭᠡᠳᠡᠭ ᠬᠠᠷᠠᠩᠭᠤᠢ ᠰᠦᠨᠢ ᠪᠠᠷ ᠨᠡᠬᠦᠬᠦ ᠪᠢᠰᠢ ᠳ᠋ᠡ᠃ ᠭᠡᠳᠡᠯ᠎ᠡ ᠰᠢᠪᠠᠭᠤᠳ ᠰᠦᠨᠢ ᠪᠠᠷ ᠨᠡᠭᠦᠴᠢᠭᠡᠳᠡᠭ ᠁ ᠬᠤᠳᠠ ᠡᠵᠡᠭᠦ᠋ᠢᠷᠡᠴᠢᠭᠡᠭᠰᠡᠨ ᠶᠤᠮ ᠰᠢᠭ᠋ ᠨᠢᠭᠡ ᠯᠡ ᠬᠠᠴᠢᠨ ᠁ ᠬᠦᠮᠦᠨ ᠰᠢᠪᠠᠭᠤ ᠬᠤᠶᠠᠷ ᠢᠩᠬᠢᠳᠡᠯ᠎ᠡ ᠪᠠᠨ ᠪᠡᠶ᠎ᠡ ᠪᠡᠶ᠎ᠡ ᠳᠡᠭᠡᠨ ᠲᠠᠰᠳᠠᠭ ᠤᠨ ᠤᠴᠢᠷ ᠢ ᠪᠢ ᠪᠦᠷ ᠬᠤᠵᠢᠮ ᠨᠢ ᠤᠬᠠᠭᠠᠷᠠᠵᠤ ᠪᠢᠯᠡ᠃ ᠲᠡᠷᠡ ᠦᠷᠯᠦᠭᠡ ᠪᠢ ᠡᠵᠢ ᠠᠴᠠ ᠲᠤᠭᠤᠷᠤᠤ ᠶᠠᠭᠠᠬᠢᠭᠠᠳ ᠦᠤᠷ ᠰᠦᠨᠢ ᠪᠠᠷ ᠪᠤᠴᠠᠳᠠᠭ ᠤᠨ ᠤᠴᠢᠷ ᠢ ᠠᠰᠠᠭᠤᠯ᠎ᠠ᠃ ︽ᠦᠷ᠎ᠡ ᠲᠦᠯ ᠨᠢ ᠬᠤᠷᠭᠤᠳᠠᠭᠠᠳ ᠪᠠᠶᠢᠳᠠᠭ ᠪᠤᠯᠬᠤᠷ ᠦᠤᠷ ᠰᠦᠨᠢ ᠪᠠᠷ ᠪᠤᠴᠠᠳᠠᠭ ᠶᠤᠮ ᠡ ᠬᠦᠦ ᠮᠢᠨᠢ︾ ᠭᠡᠭᠰᠡᠭᠡᠷ ᠡᠵᠢ ᠰᠢᠨ᠎ᠡ ᠡᠳᠦᠷ ᠤᠨ ᠨᠠᠷᠠᠨ ᠤ ᠲᠤᠶᠠᠭ᠎ᠠ ᠰᠢᠷᠭᠠᠯᠳᠤᠭᠰᠠᠨ ᠡᠮᠦᠨ᠎ᠡ ᠲᠡᠭᠷᠢ ᠶᠢᠨ ᠬᠠᠶᠠᠭ᠎ᠠ ᠦᠭᠡᠳᠡ ᠰᠦᠨ ᠤ ᠲᠡᠭᠡᠵᠢ ᠪᠠᠨ ᠡᠷᠭᠦᠵᠦ ᠪᠠᠶᠢᠯ᠎ᠠ᠃     ᠨᠠᠷᠠ ᠪᠤᠴᠠᠵᠤ ᠲᠤᠭᠤᠷᠤᠤ ᠨᠤᠭᠤᠳ ᠬᠤᠷᠭᠤᠳᠠᠭᠰᠠᠨ ᠲᠡᠷᠡ ᠨᠠᠮᠤᠷ ᠢ ᠪᠢ ᠤᠭᠳᠤ ᠮᠠᠷᠳᠠᠳᠠᠭ ᠦᠭᠡᠢ᠃ ᠤᠯᠠᠨ ᠤᠯᠠᠨ ᠨᠠᠮᠤᠷ ᠢ ᠪᠤᠮᠪᠠᠳᠤ ᠶᠢᠨ ᠢᠶᠠᠨ ᠵᠤᠰᠠᠯᠠᠩ ᠳᠤ ᠬᠡᠳᠦᠨᠳᠡ ᠤᠭᠳᠤᠭᠰᠠᠨ ᠴᠤ ᠲᠡᠷᠡ ᠵᠢᠯ ᠤᠨ ᠬᠢ ᠰᠢᠭ ᠨᠠᠮᠤᠷ ᠤᠬᠠᠭᠠᠨ ᠳᠤ ᠦᠯᠡᠳᠡᠭᠰᠡᠨ ᠦᠭᠡᠢ᠃ ᠠᠢ ᠬᠦᠭᠡᠷᠦᠬᠦᠢ ᠲᠡᠭᠷᠢ ᠶᠢᠨ ᠰᠦᠷᠦᠭ ᠬᠦᠭᠡ ᠲᠤᠭᠤᠷᠤᠤ ᠮᠢᠨᠢ ᠮᠡᠨᠳᠦ ᠯᠡ ᠶᠠᠪᠤᠭᠠᠷᠠᠢ᠃ ᠬᠤᠶᠢᠳᠤᠨ ᠵᠢᠯ ᠬᠠᠯᠠᠭᠤᠨ ᠪᠦᠯᠢ ᠪᠠᠷ ᠢᠶᠠᠨ ᠪᠤᠴᠠᠭᠠᠳ ᠢᠷᠡᠭᠡᠷᠡᠢ᠃ ᠪᠦᠷ ᠮᠢᠩᠭ᠎ᠠ ᠮᠢᠩᠭᠠᠨ ᠵᠢᠯ ᠵᠡᠯᠡᠯᠡᠨ ᠵᠡᠯᠡᠯᠡᠨ ᠢᠷᠡᠭᠡᠷᠡᠢ ᠭᠡᠰᠡᠨ ᠮᠢᠨᠦ ᠪᠠᠭ᠎ᠠ ᠶᠢᠨ ᠰᠡᠳᠭᠢᠯ ᠨᠠᠳᠠ ᠳᠠᠭᠠᠨ ᠡᠭᠦᠷᠢᠳᠡ ᠦᠯᠡᠳᠡᠵᠦ ᠳ᠋ᠡ᠃ ︵ᠦᠪᠦᠷ ᠮᠤᠩᠭᠤᠯ ᠤᠨ ᠡᠳᠦᠷ ᠤᠨ ᠰᠤᠨᠢᠨ ᠠᠴᠠ︶                                         ᠵᠣᠬᠢᠶᠠᠭᠴᠢ᠄ ︵ᠮᠤᠩᠭᠤᠯ︶ ᠰ᠊ · ᠫᠦᠷᠪᠦ
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号