ᠲᠠᠪᠤᠨ ᠨᠠᠰᠤᠯᠠᠳᠠᠯ᠎ᠠ ᠪᠠᠨ ᠴᠢ ᠴᠤᠬᠤᠮ ᠮᠤᠩᠭᠤᠯ ᠬᠡᠤᠭᠡᠳ ᠪᠠᠶᠢᠭᠰᠠᠨ ᠰᠢᠤ ᠬᠡᠵᠤ ᠤᠷᠢᠳᠤ ᠨᠠᠭᠠᠴᠤ | ᠡᠮᠡᠭᠡ ᠮᠢᠨᠢ ᠵᠠᠯᠭ᠎ᠠ ᠶᠠᠷᠢᠳᠠᠭ ᠪᠠᠶᠢᠵᠦ ᠪᠢᠯᠠ᠃ ᠪᠢ ᠲᠤᠮᠳᠠᠳᠤ ᠤᠯᠤᠰ ᠤᠨ ᠡᠮᠤᠨᠡᠳᠤ ᠤᠷᠤᠨ ᠳᠤ ᠲᠦᠷᠦᠵᠦ᠂ | ᠡᠭᠡ ᠨᠤᠳᠤᠭ ᠢᠶᠠᠨ ᠶᠡᠷᠦᠨᠢ ᠦᠵᠡᠭᠡ ᠦᠬᠡᠢ ᠪᠤᠯᠪᠠᠴᠤ ᠮᠤᠩᠭᠤᠯ ᠦᠬᠡ ᠪᠠᠨ ᠤᠷᠤᠰᠤᠮ᠎ᠠ ᠶᠠᠷᠢᠴᠢᠬᠠᠨ᠎ᠠ᠂ | ᠲᠡᠭᠡᠭᠡᠳ ᠪᠠᠰᠠ ᠭᠡᠳᠦᠨ ᠪᠠᠳᠠᠭ ᠮᠤᠩᠭᠤᠯ ᠲᠠᠭᠤᠤ ᠲᠠᠭᠤᠯᠠᠴᠢᠬᠠᠳᠠᠭ ᠪᠠᠶᠢᠭᠰᠠᠨ ᠬᠡᠨ᠎ᠠ᠃ ᠬᠠᠷᠠᠮᠰᠠᠯᠳᠠᠢ ᠨᠢ ᠬᠡᠪᠠᠯ | ᠪᠠᠭ᠎ᠠ ᠰᠤᠷᠭᠠᠭᠤᠯᠢ ᠳᠤ ᠤᠷᠤᠭᠰᠠᠨ ᠠᠴᠠ ᠬᠤᠶᠢᠰᠢ ᠡᠬᠦᠨ ᠢ ᠪᠠᠨ ᠤᠷᠤ ᠲᠠᠰᠤ ᠮᠠᠷᠳᠠᠵᠤ ᠤᠷᠬᠢᠵᠠᠢ᠃ | ᠨᠠᠭᠠᠴᠤ ᠡᠮᠡᠭᠡ ᠶᠢᠨ ᠦᠬᠡᠨ ᠤ ᠠᠶᠠᠯᠭᠤ ᠠᠴᠠ ᠬᠠᠷᠠᠮᠰᠠᠯ ᠪᠠ ᠵᠢᠮᠡᠯᠡᠯ ᠪᠦᠤᠷ ᠲᠦᠤᠷ ᠮᠡᠳᠡᠭᠳᠡᠵᠤ | ᠪᠠᠶᠢᠭᠰᠠᠨ᠂ ᠭᠡᠳᠡᠯ᠎ᠠ ᠨᠠᠳᠠᠳᠤ ᠶᠠᠮᠠᠷ ᠠᠷᠭ᠎ᠠ ᠪᠠᠶᠢᠨ᠎ᠠ ᠳ᠋ᠠ⁈ ᠨᠠᠳᠠ ᠰᠢᠭ᠋ ᠲᠡᠩᠳᠡᠬᠦᠦ ᠡᠷᠳᠡ ᠪᠠᠭ᠎ᠠ | ᠰᠤᠷᠭᠠᠭᠤᠯᠢ ᠳᠤ ᠤᠷᠤᠭᠰᠠᠨ ᠤᠶᠤᠨ ᠤᠬᠠᠭᠠᠨ᠂ ᠪᠡᠶ᠎ᠠ ᠪᠢᠷ᠎ᠠ ᠪᠦᠷ ᠬᠦᠮᠦᠨ ᠢ ᠬᠦᠷᠬᠦ ᠦᠬᠡᠢ ᠬᠡᠤᠭᠡᠳ ᠲᠤ | ᠠᠪᠴᠤ ᠬᠡᠯᠡᠪᠡᠯ᠂ ᠪᠠᠭ᠎ᠠ ᠰᠤᠷᠭᠠᠭᠤᠯᠢ ᠶᠢᠨ ᠬᠤᠶᠠᠳᠤᠭᠠᠷ ᠤᠨ ᠬᠡᠭᠴᠢ ᠦᠨᠡᠭᠡᠷ ᠠᠮᠠᠷ ᠪᠢᠰᠢ᠂ ᠶᠤᠰᠤᠳᠠᠢ ᠠᠯᠬᠤᠮ | ᠪᠦᠷᠢ ᠠᠶᠤᠵᠤ ᠴᠤᠴᠠᠬᠤ ᠲᠠᠪᠬᠤᠷᠯᠠᠵᠤ᠂ ᠪᠠᠶᠢᠳᠠᠭ ᠲᠠᠷ ᠲᠠᠮᠢᠷ ᠢᠶᠠᠨ᠂ ᠪᠦᠬᠦ᠋ᠢᠯᠡ ᠬᠡᠤᠭᠡᠳ ᠨᠠᠰᠤ ᠪᠠᠨ ᠪᠠᠷᠤᠭ | ᠯᠠ ᠪᠤᠰᠤᠳ ᠤᠨ ᠠᠯᠬᠤᠭ᠎ᠠ ᠶᠢ ᠨᠡᠭᠡᠨ ᠲᠠᠭᠤᠵᠤ᠂ ᠪᠤᠰᠤᠳ ᠲᠤ ᠲᠤᠭᠤᠭᠳᠠᠬᠤ ᠲᠡᠭᠡᠷ᠎ᠠ ᠯᠠ ᠲᠠᠯᠪᠢᠭᠰᠠᠨ ᠬᠡᠵᠤ | ᠭᠡᠯᠡᠵᠤ ᠪᠤᠯᠤᠮᠠᠷ᠃ | ᠠᠩᠬᠢ ᠶᠢᠨ ᠢᠶᠠᠨ ᠨᠦᠭᠦᠳ ᠲᠠᠢ ᠲᠠᠨᠢᠯᠴᠠᠨ᠎ᠠ᠂ ᠲᠠᠰᠤᠯᠴᠠᠨᠠ᠂ ᠨᠠᠶᠢᠵᠢᠷᠬᠠᠨᠠ ᠭᠡᠳᠡᠭ ᠲᠡᠶᠢᠮᠤ ᠬᠢᠯᠪᠠᠷ | ᠶᠠᠪᠤᠳᠠᠯ ᠪᠢᠰᠢ ᠳ᠋ᠠ᠃ ᠲᠡᠭᠡᠭᠡᠳ ᠦᠰᠢᠶ᠎ᠠ ᠲᠠᠢ ᠶᠤᠮ ᠰᠢᠭ ᠲᠡᠷᠡ ᠬᠡᠳᠤᠨ ᠵᠢᠯ ᠮᠠᠨᠠᠶᠢᠬᠢᠨ ᠲᠠᠩᠳᠠ ᠠᠳᠡ ᠲᠡᠨᠳᠡ | ᠨᠡᠬᠦᠵᠤ ᠪᠠᠭᠤᠬᠤ ᠶᠤᠮ ᠴᠢᠨᠢ ᠳ᠋ᠠ᠃ ᠪᠢ ᠡᠴᠢᠭᠡ ᠡᠭᠡ ᠪᠠᠨ ᠲᠠᠭᠠᠵᠤ ᠨᠠᠨᠵᠢᠩ᠂ ᠱᠠᠩᠬᠠᠢ᠂ ᠭᠤᠸᠠᠩᠵᠸᠤ ᠬᠡᠵᠤ | ᠲᠤᠭᠤᠷᠢᠵᠤ ᠲᠤᠭᠰᠢᠭᠰᠠᠭᠠᠷ ᠰᠢᠶᠠᠩᠭᠠᠩ ᠳᠤ ᠬᠦᠷᠪᠡ᠃ ᠠᠯᠢ ᠴᠤ ᠤᠳᠠᠭ᠎ᠠ ᠨᠢ ᠭᠡᠳ ᠶᠠᠭᠤ ᠪᠦᠬᠦᠳᠠ ᠶᠢ | ᠲᠠᠭᠢᠭᠠᠳ ᠡᠬᠢᠯᠡᠭᠦᠯᠦᠨ᠎ᠠ᠂ ᠪᠢ ᠴᠤ ᠤᠳᠠᠭ᠎ᠠ ᠤᠳᠠᠭ᠎ᠠ ᠦᠬᠡ ᠠᠶᠠᠯᠭᠤ ᠰᠤᠯᠢᠵᠤ ᠯᠠ ᠶᠠᠪᠤᠨ᠎ᠠ᠂ ᠭᠤᠸᠠᠩᠳᠦ᠋ᠩ | ᠠᠶᠠᠯᠭᠤ ᠪᠠᠷ ᠶᠠᠷᠢᠳᠠᠭ ᠬᠠᠮᠳᠤ ᠰᠤᠷᠤᠭᠴᠢ ᠲᠠᠢ ᠬᠦᠷᠳᠡᠯ᠎ᠠ ᠲᠠᠰᠤᠯᠴᠠᠵᠤ ᠨᠠᠶᠢᠵᠢᠷᠬᠠᠭᠠᠳ ᠢᠷᠡᠬᠦᠯᠡᠷ ᠪᠢ ᠴᠢᠨᠢ | ᠪᠠᠭ᠎ᠠ ᠰᠤᠷᠭᠠᠭᠤᠯᠢ ᠶᠢᠨ ᠲᠠᠪᠤ ᠵᠢᠷᠭᠤᠳᠤᠭᠠᠷ ᠤᠨ ᠪᠤᠯᠴᠢᠬᠠᠭᠰᠠᠨ ᠪᠠᠶᠢᠯ᠎ᠠ᠃ ᠪᠢ ᠭᠢᠳᠠᠳ ᠤᠨ ᠪᠠᠷᠢᠮᠵᠢᠶ᠎ᠠ | ᠠᠶᠠᠯᠭᠤ ᠪᠠᠷ ᠶᠠᠷᠢᠵᠤ ᠴᠢᠳᠠᠨ᠎ᠠ᠂ ᠭᠤᠸᠠᠩᠳᠦ᠋ᠩ ᠤᠨ ᠦᠬᠡ ᠶᠢ ᠴᠤ ᠰᠠᠶᠢᠨ ᠶᠠᠷᠢᠨ᠎ᠠ᠂ ᠲᠡᠳᠡᠨᠤᠰ ᠤᠨ ᠨᠠᠭᠠᠳᠤᠮ | ᠲᠤᠭᠯᠠᠭᠠᠮ ᠬᠢᠭᠰᠡᠨ ᠠᠯᠢᠶ᠎ᠠ ᠦᠬᠡ ᠶᠢ ᠴᠤ ᠪᠢ ᠠᠵᠢᠭ ᠦᠬᠡᠢ ᠬᠠᠷᠢᠭᠤ ᠪᠠᠷᠢᠭᠤ ᠲᠠᠢ ᠪᠤᠴᠠᠭᠠᠭᠠᠳ ᠶᠠᠪᠤᠭᠤᠯᠳᠠᠭ᠃ | ᠢᠩᠬᠢᠵᠤ ᠴᠢᠷᠮᠠᠶᠢᠭᠰᠠᠭᠠᠷ ᠪᠠᠶᠢᠭᠠᠳ ᠮᠢᠨᠤ ᠮᠤᠩᠭᠤᠯ ᠦᠬᠡ ᠯᠠ ᠵᠦᠪᠭᠡᠨ ᠰᠠᠶᠢᠨ ᠤᠤ᠂ ᠮᠡᠨᠳᠤ ᠤᠤ ᠭᠡᠰᠡᠨ | ᠭᠡᠳᠦᠨ ᠦᠬᠡ ᠦᠯᠡᠳᠡᠵᠤ᠂ ᠮᠤᠩᠭᠤᠯ ᠲᠠᠭᠤᠤ ᠶᠤᠮ ᠪᠤᠯ ᠠᠯᠢ ᠡᠷᠳᠡ ᠨᠠᠳᠠ ᠠᠴᠠ ᠠᠶᠠᠷᠯᠠᠵᠤ ᠤᠳᠤᠭᠠᠳ ᠪᠠᠷ᠎ᠠ | ᠰᠡᠬᠦᠳᠡᠷ ᠨᠢ ᠴᠤ ᠤᠯᠳᠠᠬᠤ ᠪᠠᠨ ᠪᠤᠯᠢᠪᠠ᠃ ᠲᠡᠬᠦᠨ ᠠᠴᠠ ᠬᠤᠶᠢᠰᠢ ᠨᠠᠭᠠᠴᠤ ᠡᠮᠡᠭᠡ ᠬᠠᠶᠠ ᠦᠬᠡ ᠶᠢᠨ ᠰᠡᠵᠢᠬᠦᠷ | ᠡᠳᠦᠭᠦ ᠳᠤ ᠪᠢ ᠴᠤ ᠵᠢᠭᠠᠬᠠᠨ ᠬᠠᠷᠠᠮᠰᠠᠨ ᠬᠡᠮᠰᠢᠳᠡᠭ ᠪᠤᠯᠪᠠᠴᠤ ᠵᠠᠯᠠᠭᠤᠬᠠᠨ ᠪᠠᠶᠢᠭᠰᠠᠨ ᠤ ᠪᠢᠯᠢᠤ᠃ ᠪᠢ ᠬᠠᠷᠢᠨ | ᠲᠡᠭᠡᠵᠤ ᠶᠠᠭᠤᠮ᠎ᠠ ᠪᠤᠯᠭᠠᠭᠰᠠᠨ ᠦᠬᠡᠢ᠂ ᠨᠡᠩ ᠴᠤ ᠰᠡᠳᠬᠢᠯ ᠡᠮᠵᠡᠭᠯᠡᠬᠦ ᠶᠢ ᠮᠡᠳᠡᠭᠡ ᠦᠬᠡᠢ ᠶᠠᠪᠤᠵᠠᠢ᠃ | ᠰᠡᠳᠬᠢᠯ ᠤᠨ ᠡᠪᠡᠷᠰᠢᠶᠠᠯ ᠡᠮᠵᠡᠭᠯᠡᠯ ᠲᠡᠭᠡᠵᠤ ᠴᠢᠩᠭ᠎ᠠ ᠰᠦᠷᠡᠭᠡᠢ ᠢᠷᠡᠨ᠎ᠠ ᠭᠡᠭᠴᠢ ᠲᠡᠶᠢᠮᠤ ᠬᠤᠵᠢᠭᠤ᠂ | ᠲᠡᠶᠢᠮᠤ ᠬᠡᠨᠡᠳᠳᠡ ᠶᠢᠨ ᠪᠠᠶᠢᠵᠠᠢ᠃ | 1989 ᠤᠨ ᠤ ᠵᠤᠨ ᠤ ᠰᠡᠬᠦᠯᠴᠢ ᠪᠠᠷ ᠪᠢ ᠲᠡᠭᠡᠳᠤ ᠶᠢᠨ ᠨᠤᠳᠤᠭ ᠦᠪᠦᠷ ᠮᠤᠩᠭᠤᠯ ᠳᠠᠭᠠᠨ | ᠲᠦᠷᠦᠭᠦᠦ ᠤᠳᠠᠭ᠎ᠠ ᠬᠠᠷᠢᠪᠠ᠃ ᠲᠡᠬᠦᠨ ᠠᠴᠠ ᠬᠤᠶᠢᠰᠢ ᠵᠤᠨ ᠤ ᠠᠮᠠᠷᠠᠯᠳᠠ ᠪᠤᠯᠤᠭᠰᠠᠭᠠᠷ ᠯᠠ ᠠᠶᠠᠨ ᠤ ᠰᠢᠪᠠᠭᠤ | ᠰᠢᠭ᠋ ᠤᠮᠠᠷ᠎ᠠ ᠶᠢ ᠵᠦᠭᠯᠡᠨ ᠨᠢᠰᠳᠡᠭ ᠪᠢᠯᠠ᠃ ᠨᠢᠭᠡᠨ ᠦᠳᠡᠰᠢ ᠨᠠᠶᠢᠵᠢ ᠨᠠᠷ ᠲᠠᠢ ᠪᠠᠨ ᠤᠷᠳᠤᠰ ᠤᠨ | ᠦᠨᠳᠦᠷᠯᠢᠭ ᠲᠤ ᠨᠠᠶᠢᠷᠯᠠᠬᠤ ᠳᠤ ᠤᠯᠠᠭᠤᠯᠠ ᠬᠠᠷᠢᠯᠴᠠᠨ ᠲᠠᠭᠤᠤ ᠲᠠᠢ ᠠᠷᠢᠭᠢ ᠪᠠᠷᠢᠪᠠ᠃ ᠲᠠᠭᠤᠤ ᠲᠠᠭᠤᠤ ᠨᠢ | ᠠᠳᠠᠯᠢ ᠦᠬᠡᠢ᠂ ᠭᠤᠶᠤ ᠨᠢ ᠭᠡᠷᠡᠭ᠃ ᠤᠷᠳᠤᠰ ᠨᠤᠳᠤᠭ ᠪᠤᠯ ︽ᠲᠠᠭᠤᠤ ᠶᠢᠨ ᠲᠠᠯᠠᠢ︾ ᠴᠣᠯᠠ ᠲᠠᠢ᠂ | ᠲᠤᠯᠤᠭᠠᠨ ᠡᠳᠦᠷ ᠲᠤᠯᠤᠭᠠᠨ ᠰᠦᠨᠢ ᠲᠠᠭᠤᠯᠠᠭᠠᠳ ᠲᠠᠭᠤᠤ ᠲᠠᠪᠬᠤᠷᠳᠠᠬᠤ ᠦᠬᠡᠢ ᠬᠡᠵᠤ ᠲᠡᠷᠡ ᠭᠠᠵᠠᠷ ᠤᠨ ᠨᠢᠭᠡ | ᠨᠠᠶᠢᠵᠢ ᠬᠦᠭᠵᠢᠯᠳᠠᠢ ᠶᠠᠷᠢᠵᠤ ᠪᠠᠶᠢᠯ᠎ᠠ᠃ | ᠤᠶᠠᠩᠭ᠎ᠠ ᠲᠡᠬᠦᠰ ᠡᠭᠡᠰᠢᠭ ᠲᠠᠭᠤᠤ ᠨᠢ ᠬᠤᠨᠳᠠᠭ᠎ᠠ ᠲᠠᠢ ᠠᠷᠢᠭᠢ ᠲᠠᠢ ᠠᠳᠠᠯᠢ ᠪᠠᠷ ᠬᠦᠮᠦᠨ ᠢ | ᠰᠤᠭᠳᠤᠭᠤᠷᠠᠭᠤᠯᠤᠨᠠ᠃ ᠬᠡᠳᠦᠨ ᠬᠤᠨᠳᠠᠭ᠎ᠠ ᠪᠠᠯᠭᠤᠭᠰᠠᠨ ᠴᠢᠨᠢ ᠪᠢ ᠴᠤ ᠪᠠᠭ᠋ᠠᠨ ᠬᠦᠭᠰᠡᠭᠡᠳ ᠢᠷᠡᠯ᠎ᠠ᠂ | ᠬᠦᠮᠦᠨ ᠤ ᠬᠢ ᠶᠢ ᠰᠤᠨᠤᠰᠤᠭᠠᠳ ᠯᠠ ᠪᠠᠶᠢᠵᠤ ᠪᠤᠯᠬᠤ ᠦᠬᠡᠢ ᠰᠢᠪᠳᠠ᠂ ᠲᠡᠭᠡᠭᠡᠳ ᠪᠢ ᠪᠠᠰᠠ ᠬᠤᠨᠳᠠᠭ᠎ᠠ ᠡᠷᠬᠦᠵᠤ | ᠬᠦᠮᠦᠨ ᠢ ᠲᠠᠭᠤᠷᠢᠶᠠᠨ ᠤᠯᠠᠭᠤᠯᠠ ᠳᠤ ᠭᠡᠮ ᠪᠠᠷᠢᠶ᠎ᠠ ᠬᠡᠵᠤ ᠰᠠᠨᠠᠯ᠎ᠠ᠃ ᠭᠡᠳᠡᠯ᠎ᠠ᠂ ᠬᠤᠨᠳᠠᠭ᠎ᠠ ᠲᠠᠢ ᠠᠷᠢᠭᠢ ᠪᠠᠶᠢᠨ᠎ᠠ | ᠂ ᠲᠠᠭᠤᠤ ᠴᠢᠨᠢ︖ ᠲᠠᠭᠤᠤ ᠴᠢᠨᠢ ᠬᠠᠮᠢᠭ᠎ᠠ ᠪᠠᠶᠢᠬᠤ ᠪᠤᠢ︖ | ᠲᠠᠶᠢᠸᠠᠨ ᠳᠤ ᠪᠢ ᠴᠤ ᠰᠠᠶᠢᠨ ᠨᠠᠶᠢᠵᠢ ᠲᠠᠢ᠂ ᠪᠢᠳᠠ ᠪᠠᠰᠠ ᠬᠠᠮᠳᠤ ᠠᠷᠢᠬᠢ ᠤᠤᠭᠤᠵᠠᠭᠠᠳᠠᠭ᠂ ᠪᠠᠰᠠ | ᠬᠠᠮᠳᠤ ᠳᠠᠭᠠᠨ ᠲᠠᠭᠤᠯᠠᠵᠠᠭᠠᠳᠠᠭ᠂ ᠬᠡᠤᠭᠡᠳ ᠤᠨ ᠲᠠᠭᠤᠤ᠂ ᠠᠷᠠᠳ ᠤᠨ ᠲᠠᠭᠤᠤ ᠠᠴᠠ ᠡᠬᠢᠯᠡᠭᠡᠳ ᠲᠡᠯᠭᠡᠷᠡᠮᠡᠯ | ᠲᠠᠭᠤᠤ ᠬᠡᠳ ᠲᠠᠭᠤᠤ ᠴᠤ ᠴᠦᠬᠡᠨ ᠪᠢᠰᠢ᠃ ᠬᠡᠬᠦ ᠳᠤ ᠡᠨᠡ ᠮᠦᠴᠡ ᠳᠤ ᠲᠡᠷᠡ ᠲᠠᠭᠤᠤ ᠨᠤᠭᠤᠳ ᠮᠢᠨᠤ | ᠰᠡᠳᠬᠢᠯ ᠢ ᠢᠯᠡᠳᠭᠡᠵᠤ ᠴᠢᠳᠠᠬᠤ ᠦᠬᠡᠢ᠂ ᠮᠢᠨᠤ ᠰᠡᠳᠬᠢᠯ ᠤᠨ ᠤᠭ ᠠᠴᠠ ᠤᠨᠳᠤᠷᠬᠤ ᠲᠡᠷᠡ ᠡᠬᠡᠰᠢᠭ ᠲᠠᠭᠤᠨ ᠢ | ᠲᠦᠯᠦᠭᠡᠯᠡᠵᠤ ᠴᠢᠳᠠᠬᠤ ᠦᠬᠡᠢ᠃ | ᠡᠨᠡ ᠮᠦᠴᠡ ᠳᠤ᠂ ᠪᠢ ᠤᠭ ᠨᠤᠳᠤᠭ ᠤᠨ ᠢᠶᠠᠨ ᠡᠯᠢᠭᠡᠨᠠ ᠵᠣᠭᠰᠣᠵᠣ᠂ ᠤᠭ ᠨᠤᠳᠤᠭ ᠤᠨ ᠢᠶᠠᠨ | ᠠᠷᠢᠭᠢ ᠶᠢ ᠤᠤᠭᠤᠵᠤ᠂ ᠤᠭ ᠨᠤᠳᠤᠭ ᠤᠨ ᠢᠶᠠᠨ ᠬᠦᠮᠦᠰ ᠲᠠᠢ ᠨᠢᠭᠤᠷᠳᠠᠨ᠂ ᠤᠭ ᠨᠤᠳᠤᠭ ᠤᠨ ᠡᠭᠡᠰᠢᠭ | ᠲᠠᠭᠤᠤ ᠶᠢ ᠲᠠᠭᠤᠯᠠᠶ᠎ᠠ ᠭᠡᠰᠡᠨ ᠬᠦᠰᠡᠯ ᠰᠡᠳᠬᠢᠯ ᠤᠨ ᠤᠭ ᠠᠴᠠ ᠴᠠᠬᠢᠯᠤᠨ ᠲᠦᠷᠦᠭᠳᠡᠪᠠ᠃ | ᠮᠤᠩᠭᠤᠯ ᠢᠶᠠᠷ ᠢᠶᠠᠨ ᠶᠠᠷᠢᠵᠤ ᠴᠢᠳᠠᠬᠤ ᠦᠬᠡᠢ ᠴᠤ ᠬᠡᠰᠡᠨ ᠨᠠᠶᠢᠵᠢ ᠨᠦᠬᠦᠳ ᠢᠶᠠᠷ ᠢᠶᠠᠨ | ᠭᠡᠯᠡᠮᠦᠷᠴᠢᠯᠡᠬᠦᠯᠵᠤ ᠪᠤᠯᠤᠨ᠎ᠠ᠂ ᠶᠠᠭᠠᠬᠢᠯ᠎ᠠ ᠴᠤ ᠭᠡᠰᠡᠨ ᠢᠯᠡᠳᠭᠡᠶ᠎ᠠ ᠭᠡᠰᠡᠨ ᠰᠠᠨᠠᠭ᠎ᠠ ᠶᠢ ᠲᠤᠯᠤᠭ᠎ᠠ ᠨᠠᠶᠢᠮᠠᠨ ᠬᠤᠪᠢ | ᠬᠡᠯᠡᠭᠡᠳ ᠭᠠᠷᠭᠠᠴᠢᠬᠠᠬᠤ ᠪᠤᠢ ᠳ᠋ᠠ᠃ ᠬᠡᠳᠡᠯ᠎ᠠ ᠲᠠᠭᠤᠤ — ᠤᠭ ᠨᠤᠳᠤᠭ ᠤᠨ ᠮᠢᠨᠢ ᠦᠬᠡ ᠪᠠ ᠠᠶᠠᠯᠭᠤ ᠪᠠᠷ | ᠲᠠᠭᠤᠯᠠᠭᠰᠠᠨ ᠡᠭᠡᠰᠢᠭ ᠲᠠᠭᠤᠤ ᠶᠢ᠂ ᠠᠮᠢ ᠨᠠᠰᠤᠨ ᠤ ᠲᠡᠷᠳᠡᠭᠡ ᠬᠦᠨ ᠠᠴᠠ ᠰᠢᠭᠤᠳ ᠤᠷᠬᠢᠯᠤᠨ ᠭᠠᠷᠤᠭᠰᠠᠨ | ᠤᠶᠠᠩᠭ᠎ᠠ ᠠᠶᠠᠯᠭᠤ᠂ ᠤᠷᠠᠢ ᠡᠭᠡᠰᠢᠭ ᠢ ᠶᠠᠮᠠᠷᠴᠤ ᠶᠠᠭᠤᠮ᠎ᠠ ᠤᠷᠤᠯᠠᠵᠤ ᠴᠢᠳᠠᠰᠢ ᠦᠬᠡᠢ᠂ ᠢᠯᠡᠳᠭᠡᠵᠤ ᠲᠡᠶᠢᠯᠤᠰᠢ | ᠦᠬᠡᠢ ᠰᠢᠤ ᠳ᠋ᠠ᠃ | ᠲᠡᠷᠡ ᠯᠠ ᠦᠶ᠎ᠠ ᠠᠴᠠ ᠡᠪᠡᠷᠰᠢᠶᠠᠯ ᠡᠮᠵᠡᠭᠯᠡᠯ ᠭᠡᠮᠰᠢᠯ ᠬᠠᠷᠠᠮᠰᠠᠯ ᠰᠡᠳᠬᠢᠯ ᠤᠨ ᠬᠦᠨ ᠳᠤ ᠤᠷᠠᠯᠴᠠᠵᠤ | ᠮᠠᠯᠳᠠᠯᠴᠠᠵᠤ ᠪᠠᠶᠢᠮᠠᠷ ᠰᠠᠨᠠᠭᠳᠠᠭᠰᠠᠨ ᠢᠶᠠᠨ ᠬᠡᠨᠡᠳᠳᠡ ᠲᠤᠳᠤᠷ᠎ᠠ ᠬᠦᠨᠳᠡᠶᠢᠷᠡᠵᠤ ᠬᠠᠩᠭᠠᠶᠢᠷᠠᠭᠠᠳ ᠶᠠᠪᠤᠴᠢᠬᠠᠯ᠎ᠠ᠃ | ᠲᠡᠭᠡᠬᠦ ᠳᠡᠭᠡᠨ᠂ ᠤᠷᠳᠤᠰ ᠠᠴᠠ ᠪᠤᠴᠠᠵᠤ ᠢᠷᠡᠮᠡᠭᠴᠡ ᠵᠠᠪᠠᠯ ᠨᠢᠭᠡ ᠪᠠᠳᠠᠭ ᠮᠤᠩᠭᠤᠯ ᠲᠠᠭᠤᠤ ᠰᠤᠷᠬᠤ | ᠦᠬᠡᠢ ᠪᠤᠯᠬᠤ ᠦᠬᠡᠢ ᠬᠡᠵᠤ ᠵᠤᠷᠢᠭ ᠰᠢᠭᠤᠳᠪᠠ᠃ ᠵᠠᠪᠠᠯ ᠰᠤᠷᠤᠨ᠎ᠠ᠂ ᠨᠢᠭᠡ ᠯᠠ ᠪᠠᠳᠠᠭ ᠴᠤ ᠭᠡᠰᠡᠨ ᠵᠠᠪᠠᠯ | ᠰᠤᠷᠤᠨ᠎ᠠ᠃ | ᠭᠡᠪᠡᠴᠤ ᠤᠴᠢᠷ ᠶᠠᠪᠤᠳᠠᠯ ᠪᠤᠯᠭᠠᠨ ᠰᠠᠨᠠᠭ᠎ᠠ ᠪᠠᠷ ᠪᠤᠯᠳᠠᠭ ᠪᠢᠰᠢ ᠶᠤᠮ ᠪᠠᠶᠢᠨ᠎ᠠ᠃ ᠪᠢ ᠴᠤ ᠰᠠᠶᠢᠬᠠᠨ | ᠲᠠᠭᠤᠯᠠᠳᠠᠭ ᠬᠡᠳᠤᠨ ᠨᠠᠶᠢᠵᠢ ᠲᠠᠢ ᠶᠤᠮ ᠡ᠂ ᠭᠡᠳᠦᠨ ᠲᠠᠭᠤᠤ ᠶᠢᠨ ᠨᠤᠲ ᠤᠯᠤᠯ᠎ᠠ᠂ ᠭᠡᠳᠦᠨ ᠪᠠᠳᠠᠭ ᠲᠠᠭᠤᠤ ᠶᠢᠨ | ᠦᠬᠡ ᠲᠠᠢ ᠪᠤᠯᠤᠯ᠎ᠠ᠂ ᠲᠡᠳᠡᠨ ᠤ ᠵᠠᠷᠢᠮ ᠨᠢ ᠮᠤᠩᠭᠤᠯ ᠲᠠᠭᠤᠤ ᠶᠢᠨ ᠦᠬᠡ ᠶᠢ ᠠᠩᠭ᠍ᠯᠢ ᠦᠰᠦᠭ ᠢᠶᠠᠷ ᠲᠡᠮᠳᠡᠭᠯᠡᠭᠡᠳ | ᠦᠭᠬᠦᠯ᠎ᠠ᠃ ᠲᠡᠭᠡᠭᠰᠡᠨ ᠴᠤ ᠶᠡᠷᠦᠨᠢ ᠪᠤᠯᠵᠤ ᠦᠭᠬᠦ ᠦᠬᠡᠢ ᠪᠠᠶᠢᠭᠠᠳ ᠪᠠᠶᠢᠨ᠎ᠠ᠃ ᠵᠢᠷᠤᠭ ᠬᠠᠷᠠᠵᠤ ᠦᠰᠦᠭ | ᠲᠠᠨᠢᠬᠤ ᠭᠡᠭᠴᠢ ᠪᠠᠷ ᠦᠵᠡᠪᠠᠯ ᠪᠠᠰᠠ ᠬᠡᠳᠤᠨ ᠦᠬᠡ ᠲᠠᠭᠤᠯᠠᠴᠢᠬᠠᠨᠠ᠂ ᠲᠠᠯᠪᠢᠪᠠᠯ ᠮᠠᠷᠳᠠᠴᠢᠬᠠᠨ᠎ᠠ᠃ | 1993 ᠤᠨ ᠤ ᠵᠤᠨ᠂ ᠪᠢ ᠭᠧᠷᠮᠠᠨ ᠳᠤ ᠰᠠᠭᠤᠭ᠎ᠠ ᠠᠪᠤ ᠲᠠᠢ ᠪᠠᠨ ᠪᠧᠯᠭᠢ ᠶᠢᠨ ᠯᠸᠦ᠋ᠨ ᠶᠡᠭᠡ | ᠰᠤᠷᠭᠠᠭᠤᠯᠢ ᠶᠢᠨ ᠮᠤᠩᠭᠤᠯ ᠰᠤᠳᠤᠯᠤᠯ ᠤᠨ ᠡᠷᠳᠡᠮ ᠰᠢᠨᠵᠢᠯᠡᠭᠡᠨ ᠤ ᠬᠤᠷᠠᠯ ᠳᠤ ᠤᠷᠤᠯᠴᠠᠭᠰᠠᠨ ᠶᠤᠮ᠃ ᠪᠤᠴᠠᠬᠤ | ᠭᠠᠯᠳᠤ ᠲᠡᠷᠭᠡᠨ ᠲᠡᠭᠡᠷ᠎ᠠ ᠠᠪᠤ ᠮᠢᠨᠢ ᠨᠠᠶᠢᠵᠢ ᠨᠠᠷ ᠲᠠᠭᠠᠨ ᠨᠢᠭᠡ ᠪᠠᠳᠠᠭ ᠮᠤᠩᠭᠤᠯ ᠲᠠᠭᠤᠤ ᠨᠡᠮᠬᠠᠨ ᠲᠠᠭᠤᠤ ᠪᠠᠷ | ᠲᠠᠭᠤᠯᠠᠵᠤ ᠦᠭᠪᠡ᠃ ᠲᠡᠷᠡ ᠲᠠᠭᠤᠤ ᠶᠢᠨ ᠠᠶᠠᠯᠭᠤ ᠨᠠᠳᠠᠳᠤ ᠲᠦᠢᠯ ᠤᠨ ᠲᠤᠳᠤᠨᠤ ᠰᠠᠨᠠᠭᠳᠠᠭᠰᠠᠨ᠃ ᠪᠤᠨ ᠳᠤ | ᠬᠠᠷᠢᠮᠠᠭᠴᠠ᠂ ᠲᠡᠷᠡ ᠲᠠᠭᠤᠤ ᠪᠠᠨ ᠨᠠᠳᠠᠳᠤ ᠵᠢᠭᠠᠵᠤ ᠦᠭᠬᠦᠨ᠎ᠠ ᠤᠤ ᠭᠡᠵᠤ ᠪᠢ ᠠᠪᠤ ᠳᠠᠭᠠᠨ ᠭᠤᠶᠤᠯ᠎ᠠ᠃ | ᠠᠪᠤ ᠤᠷᠢᠳᠠᠪᠠᠷ ᠲᠠᠭᠤᠤ ᠶᠢᠨ ᠤᠳᠬ᠎ᠠ ᠶᠢ ᠨᠢ ᠨᠠᠳᠠᠳᠤ ᠲᠠᠶᠢᠯᠪᠤᠷᠢᠯᠠᠵᠤ ᠦᠭᠪᠠ᠄ ᠨᠢᠭᠡ ᠵᠠᠯᠠᠭᠤ ᠭᠤᠶᠤ | ᠭᠡᠤᠭᠡᠨ ᠢ ᠦᠵᠡᠵᠤ ᠲᠤᠭᠤᠭᠠᠳ᠄ | ᠴᠢᠷᠠᠢ ᠶᠢᠨ ᠬᠢᠨᠢ ᠴᠠᠭᠠᠨ ᠡ | ᠴᠠᠷᠪᠠᠭᠤ ᠶᠢᠨ ᠬᠢᠨᠢ ᠨᠠᠷᠢᠨ ᠡ | ᠤᠷᠤᠭᠤᠯ ᠤᠨ ᠬᠢᠨᠢ ᠤᠯᠠᠭᠠᠨ ᠡ | ᠤᠬᠠᠭᠠᠨ ᠤ ᠬᠢᠨᠢ ᠰᠠᠷᠠᠭᠤᠯ ᠡ︕ ᠭᠡᠵᠤ ᠬᠤᠯᠠ ᠠᠴᠠ ᠬᠠᠷᠠᠵᠤ ᠲᠤᠷᠠᠯᠠᠭᠰᠠᠨ ᠰᠡᠳᠬᠢᠯᠭᠡ ᠪᠠᠨ | ᠢᠯᠡᠳᠭᠡᠵᠤ ᠲᠠᠭᠤᠯᠠᠭᠰᠠᠨ ᠬᠡᠨ᠎ᠠ᠃ ᠲᠦᠷᠦᠯᠭᠢ ᠶᠢᠨ ᠡᠷᠬᠢᠮᠰᠦᠭ ᠭᠤᠸ᠎ᠠ ᠡᠨᠡ ᠭᠡᠤᠭᠡᠨ ᠪᠤᠳᠤᠬᠤ ᠳᠤ ᠡᠩ ᠤᠨ | ᠵᠠᠯᠠᠭᠤᠴᠤᠤᠯ ᠤᠨ ᠵᠡᠬᠦᠳᠤᠨ ᠳᠤ ᠤᠷᠤᠭᠠᠳ ᠠᠮᠠᠷᠠᠭᠤᠯᠬᠤ ᠦᠬᠡᠢ ᠬᠦᠮᠦᠨ ᠪᠠᠶᠢᠬ᠎ᠠ ᠳ᠋ᠠ᠃ ᠲᠡᠭᠡᠭᠡᠳ ᠠᠪᠦ ᠨᠢᠭᠡ | ᠨᠢᠭᠡ ᠦᠬᠡ ᠪᠠᠷ ᠵᠢᠭᠠᠵᠤ ᠦᠭᠪᠠ᠃ | ᠴᠢᠷᠠᠢ ᠶᠢᠨ ᠬᠢᠨᠢ ᠴᠠᠭᠠᠨ ᠨᠢ ᠡ | ᠴᠠᠷᠪᠠᠭᠤ ᠶᠢᠨ ᠬᠢᠨᠢ ᠨᠠᠷᠢᠨ ᠨᠢ ᠡ ᠁ | ᠡᠬᠢᠯᠡᠩᠬᠦᠳᠡ ᠪᠢ ᠨᠤᠲ ᠢ ᠨᠢ ᠲᠡᠮᠳᠡᠭᠯᠡᠨ᠎ᠠ᠂ ᠦᠬᠡ ᠶᠢ ᠨᠢ ᠭᠠᠯᠢᠭ ᠢᠶᠠᠷ ᠲᠡᠮᠳᠡᠭᠯᠡᠨ᠎ᠠ ᠭᠡᠳ ᠪᠠᠭ᠋ᠠᠨ | ᠮᠤᠩᠭᠠᠨᠢᠯᠠ᠂ ᠭᠡᠪᠡᠴᠤ ᠬᠠᠷᠢᠨ ᠬᠠᠴᠢᠨ ᠬᠤᠷᠳᠤᠨ ᠰᠤᠷᠤᠭᠰᠠᠨ᠃ ᠷᠠᠶᠢᠨ ᠮᠦᠷᠡᠨ ᠤ ᠬᠦᠪᠡᠭᠡᠨ ᠳᠠᠬᠢ ᠠᠪᠤ ᠶᠢᠨ | ᠮᠢᠨᠢ ᠰᠠᠭᠤᠴᠠ ᠳᠤ ᠲᠡᠷᠡ ᠵᠤᠨ ᠤ ᠨᠢᠭᠡᠨ ᠦᠳᠡᠰᠢ ᠪᠢ ᠰᠠᠶᠢᠬᠠᠨ ᠴᠤ ᠨᠢᠭᠡ ᠮᠤᠩᠭᠤᠯ ᠲᠠᠭᠤᠤ ᠰᠤᠷᠤᠭᠰᠠᠨ ᠰᠢᠤ | ᠃ | ᠲᠠᠶᠢᠸᠠᠨ ᠳᠤ ᠬᠠᠷᠢᠭᠰᠠᠨ ᠬᠤᠶᠢᠨ᠎ᠠ᠂ ᠬᠡᠳᠤ ᠤᠳᠠᠭᠠᠨ ᠤ ᠨᠠᠶᠢᠷ ᠲᠡᠭᠡᠷ᠎ᠠ ᠪᠢ ᠤᠮᠠᠷᠠᠳᠤ ᠤᠷᠤᠨ ᠠᠴᠠ | ᠢᠷᠡᠭᠰᠡᠨ ᠮᠤᠩᠭᠤᠯ ᠵᠤᠴᠢᠳ ᠲᠠᠭᠠᠨ᠂ ᠡᠰᠡᠬᠦᠯ᠎ᠠ ᠡᠮᠦᠨ᠎ᠠ ᠤᠷᠤᠨ ᠳᠤ ᠴᠤᠭ ᠦᠰᠦᠭᠰᠡᠨ ᠬᠢᠳᠡᠳ ᠨᠠᠶᠢᠵᠢ ᠳᠠᠭᠠᠨ | ᠬᠤᠨᠳᠠᠭ᠎ᠠ ᠡᠷᠬᠦᠨ ᠡᠨᠡ ᠲᠠᠭᠤᠤ ᠪᠠᠨ ᠲᠠᠭᠤᠯᠠᠵᠤ ᠦᠭᠬᠦᠭᠰᠡᠨ ᠶᠤᠮ᠃ ᠲᠡᠭᠡᠬᠦ ᠮᠦᠷᠳᠡᠭᠡᠨ ᠨᠢᠭᠡᠴᠤ ᠤᠳᠠᠭ᠎ᠠ | ᠦᠬᠡ ᠦᠰᠦᠭ ᠢ ᠨᠢ ᠠᠨᠳᠠᠭᠤᠷᠠᠭ᠎ᠠ ᠦᠬᠡᠢ᠂ ᠠᠶᠠᠰ ᠢ ᠨᠢ ᠰᠤᠯᠤᠭᠠᠢ ᠪᠤᠷᠤᠭᠤ ᠲᠠᠭᠤᠯᠠᠭᠠ ᠦᠬᠡᠢ ᠳᠡᠭᠡᠨ ᠪᠢ | ᠪᠡᠶ᠎ᠡ ᠪᠠᠨ ᠲᠤᠭᠤᠳᠠᠭ᠃ | 1994 ᠤᠨ ᠤ ᠬᠠᠪᠤᠷ᠂ ᠪᠢᠳᠡ ᠡᠭᠡᠴᠢ ᠲᠡᠬᠦᠦ ᠬᠡᠳᠦᠬᠦᠯᠡ ᠪᠠᠨ ᠪᠤᠯᠵᠤᠵᠤ ᠬᠠᠸᠠᠶ᠋ᠢ ᠳᠤ ᠠᠭᠤᠯᠵᠠᠯ᠎ᠠ᠃ | ᠨᠢᠭᠡ ᠤᠷᠤᠢ ᠪᠢ ᠦᠪᠡᠷ ᠤᠨ ᠡᠷᠭᠡ ᠦᠬᠡᠢ ᠡᠨᠡ ᠲᠠᠭᠤᠤ ᠪᠠᠨ ᠲᠡᠳᠡᠨᠡᠷ ᠲᠤ ᠲᠠᠭᠤᠯᠠᠵᠤ ᠦᠭᠴᠠᠢ᠃ | ᠭᠡᠤᠭᠡᠨ ᠲᠡᠬᠦᠦ ᠶᠢᠨ ᠭᠡᠷ ᠲᠤ᠂ ᠡᠮᠤᠨ᠎ᠠ ᠭᠠᠵᠠᠷ ᠤᠨ ᠬᠠᠪᠤᠷ ᠤᠨ ᠦᠳᠡᠰᠢ ᠦᠶᠦᠭ ᠲᠠᠪᠠᠳᠠᠢ᠂ | ᠴᠤᠩᠬᠤ ᠪᠠᠷ ᠰᠡᠩᠬᠢᠨᠡᠬᠦ ᠵᠢᠪᠠᠷ ᠢ ᠲᠠᠭᠠᠵᠤ ᠴᠡᠴᠡᠭ ᠤᠨ ᠦᠨᠦᠷ ᠦᠨᠤᠰᠦᠭᠳᠡᠨᠠ᠃ ᠲᠡᠳᠡ ᠵᠦᠭᠡᠯᠡᠨ ᠰᠠᠭᠤᠳᠠᠯ ᠳᠤ | ᠲᠦᠰᠢᠵᠤ ᠰᠠᠭᠤᠯᠴᠠᠭᠠᠳ ᠨᠠᠮᠠᠶᠢᠢ ᠢᠨᠢᠶᠡᠮᠰᠦᠭᠯᠡᠨ ᠰᠢᠷᠳᠡᠵᠤ ᠶᠠᠮᠠᠷ ᠨᠢᠭᠡ ᠲᠤᠷᠠᠳᠬᠠᠯ ᠡᠨᠡ ᠲᠠᠭᠤᠤ ᠶᠢᠨ ᠬᠠᠮᠳᠤ | ᠲᠡᠳᠡᠨ ᠤ ᠡᠮᠦᠨ᠎ᠠ ᠢᠯᠡᠷᠡᠭᠰᠡᠨ ᠰᠢᠤᠬᠠᠨ ᠪᠤᠯᠵᠠᠭᠠᠪᠠ᠃ | ᠪᠢ ᠲᠦᠩᠬᠡᠵᠢ ᠲᠠᠭᠤᠯᠠᠵᠤ ᠪᠠᠷᠠᠳᠠᠯ᠎ᠠ᠄ ︽ᠡᠨᠡ ᠠᠶᠠᠰ ᠶᠡᠷᠤᠨᠢ ᠲᠠᠰᠤᠯᠬᠠᠨ ᠪᠠᠶᠢᠨ᠎ᠠ᠂ ᠬᠡᠨ ᠲᠠᠭᠤᠯᠠᠵᠤ | ᠪᠠᠶᠢᠪᠠ ᠳ᠋ᠠ︾ ᠬᠡᠵᠤ ᠭᠡᠤᠭᠡᠨ ᠲᠡᠬᠦᠦ ᠭᠡᠯᠡᠬᠦᠯᠡᠷ᠂ ᠡᠬᠡᠴᠢ ᠡᠯᠬᠦᠵᠤ ᠠᠪᠤᠭᠠᠳ᠄ ︽ᠠ᠂ ᠨᠠᠭᠠᠴᠤ ᠡᠮᠡᠭᠡ᠂ | ᠨᠠᠭᠠᠴᠤ ᠡᠮᠡᠭᠡ ᠡᠨᠡ ᠲᠠᠭᠤᠤ ᠶᠢ ᠲᠠᠭᠤᠯᠠᠬᠤ ᠲᠤᠷᠠᠳᠠᠢ᠃ ᠪᠢ ᠰᠠᠨᠠᠵᠤ ᠤᠯᠤᠭᠰᠠᠨ᠂ ᠲᠡᠷᠡ ᠦᠶᠡᠰ ᠨᠠᠭᠠᠴᠤ | ᠡᠮᠡᠭᠡ ᠮᠢᠨᠢ ᠦᠷᠯᠦᠭᠡ ᠳᠡᠭᠡᠨ ᠭᠡᠵᠢᠭᠡ ᠪᠠᠨ ᠰᠠᠮᠨᠠᠬᠤ ᠳᠠᠭᠠᠨ ᠡᠨᠡ ᠲᠠᠭᠤᠤ ᠶᠢ ᠲᠠᠭᠤᠯᠠᠳᠠᠭ ᠪᠠᠶᠢᠭᠰᠠᠨ ᠰᠢᠤ︾ | ᠭᠡᠯ᠎ᠠ᠃ | ᠤᠦ᠂ ᠤᠤᠯ ᠨᠢ ᠡᠶᠢᠮᠤ ᠪᠠᠶᠢᠭᠰᠨᠨ ᠠᠵᠢ᠃ ᠡᠭᠡᠴᠢ ᠶᠢᠨ ᠲᠤᠷᠠᠰᠤᠮᠵᠢ ᠮᠢᠨᠦ ᠪᠠᠯᠴᠢᠷ ᠨᠠᠰᠤᠨ ᠤ ᠲᠡᠷᠡ | ᠭᠡᠰᠡᠭ ᠬᠠᠭᠠᠰ ᠬᠤᠭᠤᠰ ᠢ ᠨᠦᠬᠦᠪᠦᠷᠢᠯᠡᠵᠠᠢ᠃ | ᠪᠤᠳᠤᠪᠠᠯ᠂ ᠨᠠᠮᠠᠶᠢ ᠪᠠᠭ᠎ᠠ ᠳᠤ ᠨᠠᠷᠠᠨ ᠲᠤᠶᠠᠭ᠎ᠠ ᠪᠢᠯᠬᠠᠷᠠᠭᠰᠠᠨ ᠦᠷᠯᠦᠭᠡ ᠨᠠᠭᠠᠴᠤ ᠡᠮᠡᠭᠡ ᠮᠢᠨᠢ ᠲᠤᠯᠢ | ᠡᠰᠡᠷᠬᠦᠯᠡᠨ ᠬᠡᠵᠢᠭᠡ ᠪᠠᠨ ᠰᠠᠮᠨᠠᠵᠤ ᠰᠠᠭᠤᠭᠠᠳ ᠨᠠᠮᠬᠠᠨ ᠲᠠᠭᠤ ᠪᠠᠷ ᠬᠢᠩᠰᠢᠵᠤ ᠪᠠᠶᠢᠬᠤ ᠳᠤᠨᠢ ᠲᠡᠷᠭᠡᠳᠡ ᠳᠤᠨᠢ | ᠪᠠᠶᠢᠭᠰᠠᠨ ᠪᠢ ᠯᠠᠪ ᠨᠢᠭᠡ ᠨᠢᠭᠡ ᠦᠭᠡ ᠪᠠᠷ ᠲᠠᠭᠠᠵᠤ ᠲᠠᠭᠤᠯᠠᠵᠤ ᠪᠠᠶᠢᠭᠰᠠᠨ ᠪᠠᠶᠢᠬ᠎ᠠ ᠳ᠋ᠠ᠃ ᠲᠡᠶᠢᠮᠤ ᠪᠢᠰᠢ ᠪᠤᠯ᠂ | ᠪᠢ ᠦᠨᠦᠳᠦᠷ ᠶᠠᠭᠠᠬᠢᠵᠤ ᠡᠶᠢᠮᠦ ᠠᠮᠠᠷᠬᠠᠨ᠂ ᠡᠶᠢᠮᠤ ᠬᠤᠷᠳᠤᠨ ᠰᠤᠷᠴᠤ ᠴᠢᠳᠠᠬᠤ ᠶᠤᠮ ᠪᠤᠢ︖ | ᠮᠢᠨᠤ ᠲᠤᠳᠤᠷ᠎ᠠ ᠲᠠᠶᠢᠪᠤᠰᠢᠷᠠᠵᠤ ᠤᠴᠢᠪᠠ᠃ ᠤᠤᠯ ᠨᠢ ᠬᠠᠷᠢᠭᠤᠯᠳᠠ ᠠᠳᠠ ᠨᠢᠭᠤᠭᠳᠠᠵᠤ ᠪᠠᠶᠢᠭᠰᠠᠨ | ᠠᠵᠢ︕ ᠪᠡᠶ᠎ᠠ ᠡᠷᠭᠢᠨ ᠴᠤᠩᠬᠤᠨ ᠲᠡᠷᠭᠡᠳᠡ ᠬᠦᠷᠪᠡᠯ᠂ ᠴᠤᠩᠬᠤᠨ ᠭᠠᠳᠠᠨ᠎ᠠ ᠠᠴᠠ ᠴᠡᠴᠡᠭ ᠤᠨ ᠦᠨᠦᠷ | ᠬᠠᠩᠬᠤᠯᠵᠤ᠂ ᠡᠭᠡ ᠲᠡᠯᠡᠭᠡᠢ ᠢᠯᠦᠮ ᠵᠢᠯᠦᠮ᠃ ᠪᠢ ᠠᠯᠤᠰ ᠤᠨ ᠠᠶᠠᠨ ᠠᠴᠠ ᠰᠠᠶ᠋ᠢᠬᠠᠨ ᠪᠤᠴᠠᠵᠤ ᠢᠷᠡᠭᠰᠡᠨ ᠰᠢᠭ | ᠰᠠᠨᠠᠭᠳᠠᠵᠤ᠂ ᠪᠠᠶᠠᠰᠤᠯ ᠭᠤᠮᠤᠳᠠᠯ ᠤᠨ ᠠᠯᠢ ᠨᠢ ᠪᠤᠤ ᠮᠡᠳᠡ᠂ ᠰᠡᠳᠬᠢᠯ ᠲᠤᠳᠤᠷ᠎ᠠ ᠤᠷᠭᠤᠪᠠ᠃ | ᠪᠠᠶᠢᠳᠠᠭ ᠶᠠᠭᠤᠮ᠎ᠠ ᠬᠠᠷᠢᠭᠤᠯᠳᠠ ᠲᠠᠢ ᠪᠤᠯᠤᠭᠰᠠᠨ᠃ ᠶᠡᠷᠤᠨᠢ ᠡᠨᠡᠬᠦ ᠠᠯᠤᠰ ᠤᠨ ᠠᠶᠠᠨ ᠤ ᠡᠨᠡ | ᠦᠷᠳᠡᠭᠡᠨ ᠳᠤ ᠠᠪᠤ ᠠᠴᠠ ᠪᠠᠨ ᠰᠤᠷᠤᠭᠰᠠᠨ ᠡᠨᠡ ᠲᠠᠭᠤᠤ ᠶᠢ ᠤᠤᠯ ᠨᠢ ᠪᠢ ᠠᠮᠢ ᠨᠠᠰᠤᠨ ᠤ ᠡᠬᠢᠨ ᠤ ᠭᠠᠷᠤᠭ᠎ᠠ | ᠲᠡᠭᠡᠷ᠎ᠠ ᠲᠠᠭᠤᠯᠠᠵᠤ ᠪᠠᠶᠢᠭᠰᠠᠨ ᠶᠤᠮ ᠪᠠᠶᠢᠨ᠎ᠠ ᠰᠢᠤ᠃ ︵ᠲᠠᠶᠢᠴᠢᠨ ᠮᠤᠩᠭᠤᠯᠴᠢᠯᠠᠪᠠ︶ ︵ᠦᠪᠦᠷ ᠮᠤᠩᠭᠤᠯ ᠤᠨ | ᠡᠳᠦᠷ ᠤᠨ ᠰᠤᠨᠢᠨ ᠠᠴᠠ︶ | ᠵᠣᠬᠢᠶᠠᠭᠴᠢ᠄ ︵ᠲᠠᠶᠢᠸᠠᠨ︶ ᠰᠢ᠊ · ᠮᠦᠷᠠᠨ |