ᠠᠪᠤ ᠬᠡᠷ ᠪᠠᠷᠠᠭ᠎ᠠ ᠨᠡᠬᠦᠯᠬᠡᠬᠦ᠂ ᠲᠡᠮᠡᠭᠡ ᠬᠤᠮᠨᠠᠬᠤ ᠠᠴᠢᠶᠠᠯᠠᠬᠤ ᠠᠴᠠ ᠡᠬᠢᠯᠡᠭᠡᠳ ᠪᠦᠬᠦ᠋ᠢᠯᠡ ᠬᠠᠷ᠎ᠠ ᠪᠤᠷᠤ | ᠠᠵᠢᠯ ᠢ ᠪᠠᠷᠠᠭᠤᠨ ᠡᠪᠦᠳᠦᠭ ᠪᠠᠰᠠ ᠰᠤᠭᠤ ᠲᠠᠢ ᠪᠠᠨ ᠬᠠᠮᠵᠢᠨ᠂ ᠶᠡᠷᠤ ᠡᠷᠭᠡᠳᠡᠨ ᠬᠦᠢᠴᠡᠳ ᠲᠤᠷᠵᠢ ᠭᠤᠸᠠᠢ ᠠᠴᠠ | ᠢᠯᠡᠬᠦᠦ ᠭᠢᠳᠡᠭ ᠲᠤ ᠪᠢ ᠶᠡᠭᠡᠳᠡ ᠭᠠᠶᠢᠬᠠᠨᠠ᠃ ᠲᠡᠭᠡᠭᠡᠳ ᠬᠤᠶᠠᠷ ᠭᠠᠷ ᠤᠨ ᠪᠢᠷ᠎ᠠ ᠲᠡᠩᠭᠡᠭᠡ ᠶᠢ᠂ ᠦᠯᠡᠳᠡᠭᠰᠡᠨ | ᠭᠠᠭᠴᠨ ᠭᠠᠷ ᠨᠢ ᠤᠷᠤᠯᠠᠵᠤ ᠬᠤᠴᠤᠷᠴᠤ ᠳ᠋ᠠ ᠬᠡᠵᠤ ᠪᠤᠳᠤᠬᠤᠶ᠎ᠠ ᠁ ᠠᠪᠤ ᠮᠢᠨᠢ ᠲᠠᠶᠢᠨ ᠳᠤ ᠶᠠᠪᠤᠵᠤ | ᠦᠷᠦᠭᠡᠰᠦᠨ ᠭᠠᠷ ᠲᠠᠢ ᠪᠤᠯᠤᠭ᠎ᠠ ᠦᠬᠡᠢ ᠰᠠᠨ ᠪᠤᠯ ᠰᠤᠮᠤᠨ ᠤ ᠠᠷᠰᠯᠠᠨ ᠭᠡᠷᠡᠯ ᠢ ᠴᠤ ᠶᠠᠭᠤᠮᠠᠨ ᠴᠢᠨᠡᠭᠡᠨ ᠳᠤ | ᠪᠤᠳᠤᠬᠤ ᠦᠬᠡᠢ ᠳ᠋ᠠ ᠬᠡᠮᠡᠨ ᠬᠠᠷᠠᠮᠰᠠᠬᠤ ᠶᠢᠨ ᠶᠡᠭᠡᠪᠡᠷ ᠬᠠᠷᠠᠮᠰᠠᠨ᠎ᠠ᠃ | ᠵᠤᠨ ᠪᠤᠯᠬᠤ ᠪᠠᠷ ᠮᠠᠨ ᠤ ᠨᠤᠳᠤᠭ ᠤᠰᠤᠨ ᠤ ᠬᠢᠨ ᠰᠡᠷᠢᠬᠦᠨ ᠢ ᠪᠠᠷᠠᠳᠠᠠ ᠠᠭᠤᠯᠠᠨ ᠳᠠᠭᠠᠨ ᠭᠠᠷᠴᠤ | ᠵᠤᠨᠰᠢᠨᠠ᠃ ᠮᠠᠨᠠᠶᠢᠭᠢ ᠨᠢᠭᠡᠳᠦᠯ ᠤᠨ ᠴᠦᠭᠡᠨ ᠲᠡᠮᠡᠭᠡ ᠲᠠᠢ ᠠᠭᠤᠯᠠᠨ ᠳᠤ ᠨᠡᠬᠦᠳᠡᠯ ᠰᠡᠯᠬᠦᠭᠡᠳ ᠤᠳᠠᠭ᠎ᠠ ᠦᠬᠡᠢ | ᠪᠠᠶᠢᠳᠠᠯ᠎ᠠ ᠨᠢᠭᠡ ᠡᠳᠦᠷ ᠬᠤᠷᠰᠢᠶᠠᠨ ᠲᠠᠷᠤᠭ᠎ᠠ ᠢᠷᠡᠵᠤ ︽ᠬᠤᠶᠢᠳᠤ ᠰᠢᠯᠢ︾ ᠳᠤ ᠪᠠᠶᠢᠭ᠎ᠠ ᠠᠷᠪᠠᠨ ᠲᠡᠮᠡᠭᠡᠨ | ᠨᠤᠤᠰᠤ ᠶᠢ ᠮᠠᠷᠭᠠᠰᠢ ᠬᠡᠬᠦ ᠳᠤ ᠰᠤᠮᠤᠨ ᠤ ᠲᠦᠪ ᠬᠦᠷᠭᠡᠭᠰᠡᠨ ᠪᠠᠶᠢᠬᠤ ᠲᠠᠭᠠᠭᠠᠯᠭᠠᠪᠤᠷᠢ ᠦᠭᠬᠦᠭᠡᠳ ᠪᠤᠤᠬᠢᠶ᠎ᠠ | ᠠᠳᠠᠯᠢ ᠮᠤᠷᠳᠠᠨ ᠠᠯᠠᠭ᠎ᠠ ᠪᠤᠯᠪᠠ᠃ | ᠠᠪᠤ ᠮᠢᠨᠢ ᠨᠠᠷᠨᠨ ᠤ ᠭᠤᠤᠯ ᠲᠠᠢ ᠳᠤ ᠲᠡᠮᠡᠭᠡ ᠮᠠᠯ ᠢᠶᠠᠨ ᠲᠦᠬᠦᠭᠦᠯᠬᠦ ᠪᠠᠷ ᠰᠠᠶ᠋ᠢᠬᠠᠨ ᠰᠤᠷᠭᠠᠭᠰᠠᠨ ᠬᠡᠭᠡᠷ | ᠦᠷᠢᠶ᠎ᠠ ᠪᠠᠨ ᠤᠨᠤᠭᠠᠳ ᠶᠠᠭᠠᠷᠠᠨ ᠤᠳᠤᠯ᠎ᠠ᠃ ᠡᠵᠢ ᠰᠠᠭᠠᠯᠢ ᠳᠠᠭᠠᠨ ᠭᠠᠷᠴᠤ ᠪᠢ ᠠᠶᠢᠷᠠᠭ ᠢᠶᠠᠨ ᠬᠢᠷᠠᠮᠠᠯᠠᠵᠤ | ᠪᠦᠯᠢᠵᠤ ᠡᠬᠢᠯᠡᠪᠠ᠃ ᠲᠤᠤᠷ᠎ᠠ ᠪᠦᠬᠦᠨ ᠳᠡᠭᠡᠨ ᠯᠠ ᠠᠵᠢᠯ ᠲᠠᠢ᠃ ᠦᠷᠯᠦᠭᠡᠨ ᠤ ᠰᠡᠷᠢᠬᠦᠨ ᠢᠶᠠᠷ ᠡᠷᠳᠡᠯᠡᠨ ᠪᠤᠰᠴᠤ | ᠲᠤᠭᠤᠭ᠎ᠠ ᠨᠠᠷᠠᠨ᠂ ᠪᠠᠰᠠ ᠬᠡᠳᠦᠨ ᠲᠦᠯᠦᠭᠡ ᠶᠢᠨ ᠢᠶᠠᠨ ᠨᠤᠤᠰᠤ ᠠᠬᠤᠷᠯᠠᠬᠤ ᠭᠡᠳ ᠲᠠᠷᠠᠭ᠎ᠠ ᠲᠠᠷᠠᠭ᠎ᠠ ᠶᠢᠨ ᠠᠵᠢᠯ | ᠮᠤᠩᠳᠠᠬᠤ ᠪᠢᠰᠢ ᠳ᠋ᠠ᠃ ᠨᠢᠭᠡ ᠮᠡᠳᠡᠬᠦ ᠳᠤ ᠰᠦᠨᠢ ᠪᠤᠯᠤᠭᠰᠠᠨ ᠪᠠᠶᠢᠪᠠ᠃ ᠬᠡᠳᠡᠯ᠎ᠠ ᠲᠡᠮᠡᠭᠡᠨ ᠳᠤ ᠶᠠᠪᠤᠭᠰᠠᠨ ᠠᠪᠤ | ᠮᠢᠨᠢ ᠪᠠᠶᠢᠳᠠᠭ ᠦᠬᠡᠢ᠃ ᠡᠵᠢ ᠪᠢᠳᠠ ᠬᠤᠶᠠᠷ ᠤᠨ ᠰᠠᠨᠠᠭ᠎ᠠ ᠵᠤᠪᠠᠵᠤ ᠪᠡᠶ᠎ᠠ ᠪᠡᠶ᠎ᠠ ᠪᠠᠨ ᠬᠠᠷᠠᠨ ᠡᠬᠡᠯᠵᠢᠯᠡᠨ ᠤᠷᠤᠠ | ᠭᠠᠷᠴᠤ ᠪᠠᠶᠢᠪᠠ᠃ ᠠᠯᠤᠰ ᠲᠤ ᠲᠡᠮᠡᠭᠡ ᠭᠤᠩᠭᠠᠨᠠᠬᠤ ᠰᠤᠨᠤᠰᠳᠠᠪᠠ᠃ ᠠᠱᠢᠬᠦᠢ ᠢᠷᠡᠯ᠎ᠠ ᠬᠡᠵᠤ ᠪᠢ ᠰᠤᠮᠤ ᠰᠢᠭ᠋ | ᠬᠤᠷᠳᠦᠯᠠᠨ ᠭᠠᠷᠪᠠ᠃ ᠬᠠᠷᠠᠪᠠᠯ ᠰᠠᠷᠠᠨ ᠤ ᠰᠠᠷᠠᠭᠤᠯ ᠳᠤ ᠠᠪᠤ ᠬᠡᠳᠦᠨ ᠲᠡᠮᠡᠭᠡ ᠪᠠᠨ ᠲᠠᠭᠤᠭᠰᠠᠭᠠᠷ ᠠᠶᠢᠰᠤᠢ᠃ | ︽ᠶᠠᠭᠠᠭᠢᠭᠰᠠᠨ ᠬᠤᠯᠠ ᠶᠠᠪᠤᠭᠰᠠᠨ ᠭᠤᠪᠤᠷᠤᠤ︾ ᠬᠡᠵᠤ ᠡᠵᠢ ᠠᠮᠨᠨ ᠳᠠᠭᠠᠨ ᠪᠠᠪᠠᠳᠤᠨᠠᠨ ᠭᠠᠯ ᠳᠠᠭᠠᠨ | ᠦᠭᠡᠷ ᠤᠨ ᠬᠠᠯᠳᠠᠷ ᠠᠷᠭᠠᠯ ᠰᠡᠯᠪᠢᠪᠠ᠃ ᠤᠳᠠᠭᠰᠠᠨ ᠴᠤ ᠦᠬᠡᠢ ᠠᠪᠤ ᠴᠢᠷᠠᠢ ᠨᠢ ᠪᠠᠷᠤᠭᠠᠷᠳᠠᠭᠤ ᠤᠷᠤᠵᠤ | ᠢᠷᠡᠭᠰᠡᠨ ᠨᠢ ᠯᠠ ᠶᠢᠨ ᠭᠡᠷᠡᠯ ᠳᠤ ᠲᠤᠳᠤᠬᠠᠨ ᠬᠠᠷᠠᠭᠳᠠᠪᠠ᠃ ᠡᠵᠢ ᠴᠠᠢ ᠠᠶᠠᠭᠠᠯᠠᠬᠤ ᠶᠢᠨ ᠲᠠᠭᠠᠤ᠄ | ︽ᠴᠠᠭᠠᠳᠤ ᠬᠡᠳᠤ ᠴᠢᠨᠢ ᠬᠠᠮᠢᠭ᠎ᠠ ᠨᠢ ᠶᠠᠪᠤᠨ᠎ᠠ ᠁ ᠬᠤᠵᠢᠷ ᠮᠡᠷᠠ ᠬᠦᠭᠡᠭᠡᠭᠡᠳ ᠠᠯᠠᠭ᠎ᠠ ᠪᠤᠯᠴᠢᠬᠠᠭᠠ | ᠤᠤ︾ ᠭᠡᠪᠡᠯ | ︽ᠨᠢᠭᠡ ᠶᠡᠭᠡ ᠭᠠᠪᠢᠬᠰᠠᠨ ᠴᠤ ᠶᠠᠭᠤᠮ᠎ᠠ ᠦᠬᠡᠢ᠂ ᠬᠠᠷᠢᠨ ᠡᠨᠡ ᠮᠠᠭᠤ ᠦᠷᠢᠶ᠎ᠠ ᠲᠦᠢᠯᠠᠭᠠᠳ ᠭᠠᠷ ᠤᠨ | ᠰᠢᠯᠪᠢ ᠴᠤᠭᠤᠷᠴᠢᠬᠠᠪᠠ ᠪᠤᠯᠤᠯᠳᠠᠢ᠃ ᠵᠠᠮ ᠳᠠᠭᠠᠨ ᠲᠠᠶᠠᠨ ᠬᠦᠭᠰᠢᠨ ᠤ ᠬᠢ ᠪᠠᠷ ᠤᠷᠤᠵᠤ ᠪᠤᠭᠤᠯᠭᠠᠴᠢᠬᠠᠭᠠᠳ | ᠢᠷᠡᠯ᠎ᠠ︾ ᠭᠡᠪᠡ᠃ ᠡᠵᠢ ᠲᠠᠭᠤ ᠲᠠᠪᠢᠨ ᠬᠠᠯᠠᠭᠯᠠᠪᠠ᠃ | ︽ᠡᠨᠡ ᠴᠤ ᠶᠠᠭᠠᠬᠢᠬᠤᠪ ᠬᠡᠳᠦᠨ ᠬᠤᠨᠤᠭ ᠠᠴᠠ ᠪᠤᠷᠤᠤᠯᠠᠨᠠ ᠪᠢᠵᠠ᠃ ᠮᠠᠷᠭᠠᠰᠢ ᠲᠡᠮᠡᠭᠡ ᠠᠴᠢᠶᠠᠯᠠᠬᠤ ᠯᠠ | ᠪᠠᠶᠢᠨ᠎ᠠ︾ ᠬᠡᠵᠤ ᠠᠪᠤ ᠭᠡᠪ ᠨᠢᠭᠡ ᠲᠤᠤᠭᠠᠷᠬᠤ ᠳᠤ᠂ ᠲᠡᠷᠡ ᠴᠤ ᠶᠠᠭᠠᠮᠠᠢ ᠬᠡᠰᠡᠨ ᠪᠠᠶᠢᠷᠢ ᠲᠠᠢ ᠡᠵᠢ ᠪᠢᠳᠠ | ᠬᠤᠶᠠᠷ ᠤᠨ ᠲᠤᠳᠤᠷ᠎ᠠ ᠲᠦᠷ ᠠᠭᠤᠵᠢᠷᠠᠬᠤ ᠠᠶᠠᠳᠠᠪᠠ᠃ ᠪᠢ | ᠪᠠᠭ᠎ᠠ ᠠᠴᠠ ᠪᠠᠨ ᠬᠠᠷ᠎ᠠ ᠠᠵᠢᠯ ᠳᠤ ᠲᠠᠰᠤᠭᠰᠠᠨ ᠪᠤᠯᠬᠤᠷ ᠶᠡᠷᠤ ᠲᠠᠩ ᠤᠨ ᠢᠶᠠᠨ ᠬᠡᠤᠭᠡᠳ ᠤᠳ ᠲᠤᠳᠤᠷ᠎ᠠ | ᠪᠢᠷ᠎ᠠ ᠴᠢᠳᠠᠯ ᠢᠶᠠᠷ ᠠᠷᠠᠢ ᠲᠦᠩᠬᠡᠬᠦᠷ ᠬᠡᠭᠳᠡᠬᠦ ᠠᠭᠠᠳ ᠠᠪᠤ ᠮᠢᠨᠢ ᠴᠤ ᠨᠠᠮᠠᠶᠢᠢ ᠡᠰᠢ ᠲᠡᠰᠢ ᠶᠠᠪᠤᠬᠤ ᠳᠠᠭᠠᠨ ᠬᠠᠨᠢ | ᠲᠠᠳᠠᠵᠤ ᠲᠠᠭᠠᠭᠤᠯᠤᠨ ᠶᠠᠪᠤᠬᠤ ᠲᠤᠷᠠᠳᠠᠢ ᠪᠠᠶᠢᠭᠰᠠᠨ ᠨᠢ ᠭᠠᠷ ᠤᠨ ᠦᠵᠦᠬᠦᠷ ᠲᠤ ᠵᠠᠷᠤᠬᠤ ᠬᠡᠰᠡᠨ ᠳᠡᠭᠡᠨ ᠪᠤᠰᠤ᠂ | ᠶᠠᠭᠤᠮ᠎ᠠ ᠶᠠᠭᠤᠮ᠎ᠠ ᠶᠢᠨ ᠳ᠋ᠦᠢᠳᠡᠢ ᠪᠤᠯᠭᠠᠬᠤ ᠬᠡᠰᠡᠨ ᠳᠡᠭᠡᠨ ᠲᠡᠷᠡ ᠪᠠᠶᠢᠯ᠎ᠠ᠃ ᠪᠢᠳᠠ ᠦᠷᠯᠦᠭᠡ ᠡᠷᠳᠡᠯᠡᠨ | ᠪᠤᠰᠴᠠᠭᠠᠪᠠ᠃ ᠠᠪᠤ ᠶᠢᠨ ᠭᠠᠷ ᠬᠠᠪᠤᠳᠴᠠᠢ᠃ ᠪᠢ ᠡᠵᠢ ᠲᠠᠢ ᠪᠠᠨ ᠡᠯᠪᠡᠵᠤ ᠭᠡᠳᠦᠨ ᠲᠡᠮᠡᠭᠡ ᠪᠠᠨ ᠬᠤᠮᠨᠤᠨ | ᠬᠦᠳᠡᠯᠬᠦ ᠳᠡᠭᠡᠨ᠂ ᠵᠠᠮ ᠵᠠᠭᠤᠷ᠎ᠠ ᠰᠠᠨᠠᠭ᠎ᠠ ᠪᠠᠷ ᠤᠨᠠᠵᠤ ᠶᠠᠪᠤᠯ᠎ᠠ᠃ ᠶᠡᠭᠡ ᠭᠠᠷ ᠤᠨ ᠬᠤᠸᠠᠩᠰᠠ ᠠᠴᠠ ᠲᠤᠮᠤ | ᠲᠠᠮᠫᠤᠤ ᠲᠠᠢ ᠨᠤᠤᠰᠤ ᠶᠠᠭᠠᠬᠢᠵᠤ ᠠᠴᠢᠨ᠎ᠠ ᠳ᠋ᠠ ᠬᠡᠰᠡᠨ ᠨᠢᠭᠡᠨ ᠪᠤᠳᠤᠯ ᠮᠢᠨᠤ ᠰᠡᠳᠬᠢᠯ ᠢ ᠵᠤᠪᠠᠭᠠᠨ᠎ᠠ᠃ ᠬᠡᠳᠡᠯ᠎ᠠ | ᠠᠪᠤ ᠲᠡᠳᠦᠢ ᠯᠠ ᠲᠤᠭᠤᠭᠰᠠᠨ ᠶᠠᠩᠵᠤ ᠦᠬᠡᠢ ᠬᠠᠷᠢᠨ ᠡᠪᠡᠰᠤᠨ ᠲᠤᠯᠤᠭᠠᠢ ᠭᠠᠩᠬᠤᠳᠠᠯᠠ ᠬᠠᠩᠬᠢᠨᠠᠳᠠᠯ᠎ᠠ | ᠢᠰᠭᠡᠷᠴᠤ ᠶᠠᠪᠤᠬᠤ ᠶᠢ ᠬᠠᠷᠠᠭᠠᠳ ᠲᠦᠷᠦᠬᠦᠴᠢ ᠶᠢᠨ ᠮᠢᠨᠤ ᠪᠤᠳᠤᠯ ᠵᠠᠮᠬᠠᠷᠠᠨ ᠠᠯᠠᠭ᠎ᠠ ᠪᠤᠯᠪᠠ᠃ ᠡᠶᠢᠨᠬᠦ ᠵᠤᠭᠳᠤᠷ | ᠬᠦᠳᠡᠯᠭᠡᠭᠰᠡᠭᠡᠷ ︽ᠬᠤᠶᠢᠳᠤ ᠰᠢᠯᠢ︾ ᠳᠤ ᠭᠠᠷᠤᠯ᠎ᠠ᠃ ᠲᠠᠮᠫᠤᠤᠯᠠᠵᠤ ᠬᠤᠷᠢᠶᠠᠭᠰᠠᠨ ᠨᠤᠤᠰᠤᠨ ᠤ ᠲᠡᠷᠭᠡᠳᠡ | ᠤᠴᠢᠵᠤ ᠲᠡᠮᠡᠭᠡ ᠪᠠᠨ ᠬᠡᠪᠳᠡᠬᠦᠯᠪᠠ᠃ ᠬᠡᠳᠡᠯ᠎ᠠ ᠠᠪᠤ ᠯᠤᠤᠶᠠ ᠭᠤᠸᠠᠢ ᠶᠢᠨ ᠬᠦᠭᠰᠢᠨ ᠤ ᠲᠠᠷᠠᠰᠤᠨ ᠲᠡᠭᠡᠷ᠎ᠠ ᠪᠠᠨ | ᠠᠭᠠᠷᠤᠤᠯ ᠬᠠᠭᠰᠠᠷᠠᠭᠠᠬᠤ ᠳᠠᠭᠠᠨ ᠭᠠᠷᠴᠤ ᠵᠤᠭᠰᠤᠳᠠᠭ ︽ᠢᠮᠠᠭᠠᠬᠠᠢ︾ ᠶᠢ ᠠᠪᠴᠢᠷᠠᠪᠠ᠃ | ︽ᠵᠠ ᠬᠦᠦ ᠮᠢᠨᠢ ᠠᠴᠢᠭᠠᠳ ᠪᠠᠶᠢᠨ᠎ᠠ ᠳ᠋ᠠ᠂ ᠶᠠᠭᠤᠬᠠᠨ ᠪᠠᠶᠢᠬᠤᠪ᠂ ᠢᠮᠠᠭᠠᠬᠠᠢ ᠪᠠᠶᠢᠬᠤ ᠳᠤ ᠠᠯᠵᠠᠬᠤ | ᠦᠬᠡᠢ︾ ᠬᠡᠵᠤ ᠪᠠᠶᠢᠨ᠎ᠠ᠃ ᠪᠢ ᠶᠡᠭᠡᠳᠡ ᠭᠠᠶᠢᠬᠠᠯ᠎ᠠ᠃ ᠲᠠᠮᠫᠤᠤ ᠲᠠᠢ ᠨᠤᠤᠰᠤᠨ ᠤ ᠠᠮᠠᠨ ᠠᠴᠠ ᠨᠠᠳᠠ ᠪᠠᠷ | ᠲᠡᠭᠡᠭᠰᠢ ᠡᠷᠬᠦᠬᠦᠯᠦᠨ ᠦᠪᠡᠷ ᠢᠶᠠᠨ ᠡᠪᠦᠳᠦᠭ ᠲᠤᠬᠤᠢ ᠬᠤᠶᠠᠷ ᠢᠶᠠᠷ ᠢᠶᠠᠨ ᠲᠠᠮ ᠦᠭᠴᠤ ᠢᠮᠠᠭᠠᠬᠠᠢ ᠲᠡᠭᠡᠷ᠎ᠠ | ᠲᠠᠯᠪᠢᠭᠠᠳ ᠨᠦᠬᠦᠭᠡ ᠲᠠᠯ᠎ᠠ ᠶᠢᠨ ᠲᠠᠩ ᠢ ᠮᠦᠨ ᠲᠡᠭᠡᠵᠤ ᠠᠴᠢᠶᠠᠯᠠᠭᠰᠠᠭᠠᠷ ᠠᠷᠪᠠᠨ ᠠᠳᠠ ᠶᠢ ᠠᠷᠤ ᠠᠷᠤ ᠠᠴᠠ ᠨᠢ | ᠴᠦᠷᠭᠡᠯᠡᠪᠡ᠃ ᠠᠮᠢ ᠦᠬᠡᠢ ᠮᠦᠷᠳᠡᠭᠡᠨ ᠠᠮᠢ ᠲᠠᠢ ᠶᠤᠮ ᠰᠢᠭ᠋ ᠬᠦᠮᠦᠨ ᠴᠤ ᠪᠢᠰᠢ ᠠᠮᠢᠳᠠᠨ ᠴᠤ ᠪᠢᠰᠢ | ᠬᠦᠮᠦᠨ ᠳᠤ ᠲᠤᠰᠠᠴᠢ ᠢᠮᠠᠭᠠᠬᠠᠢ ᠶᠢ ᠪᠢ ᠲᠤᠰᠠᠴᠢ ᠢᠮᠠᠭᠠᠬᠠᠢ ᠬᠡᠵᠤ ᠬᠡᠯᠡᠨᠡᠮ᠃ ᠬᠦᠮᠦᠨ ᠳᠤ ᠲᠤᠰᠠᠴᠢ ᠢᠮᠠᠭᠠᠬᠠᠢ | ᠠᠪᠤ ᠪᠢᠳᠠ ᠭᠤᠷᠪᠠ ᠡᠶᠢᠨᠬᠦ ᠰᠤᠮᠤᠨ ᠤ ᠲᠦᠪ ᠤᠷᠤᠭᠤ ᠬᠦᠳᠡᠯᠵᠡᠭᠡᠪᠡ᠃ ᠠᠪᠤ ᠵᠠᠮ ᠳᠠᠭᠠᠨ ᠪᠡᠶ᠎ᠠ ᠨᠤᠵᠤᠭᠤᠷᠠᠯ ᠢ | ᠲᠠᠶᠢᠯᠵᠤ ᠰᠠᠯᠬᠢ ᠬᠦᠳᠡᠯᠳᠡᠯᠠ ᠬᠠᠩᠬᠢᠨᠠᠳᠠᠯ᠎ᠠ ᠢᠰᠭᠡᠬᠢᠷᠤᠨᠠ᠃ | ᠰᠡᠳᠬᠢᠯ ᠮᠢᠨᠢ ᠰᠡᠷᠬᠦᠨ ᠲᠤᠳᠤᠷ᠎ᠠ ᠪᠦᠷ ᠠᠭᠤᠵᠢᠷᠠᠪᠠ᠃ ᠨᠤᠳᠤᠭ ᠤᠰᠤᠨ ᠤ ᠬᠢᠨ ᠠᠪᠤ ᠶᠢ ᠮᠢᠨᠢ ᠶᠡᠭᠡ | ᠪᠢᠷᠠᠳᠠᠢ ᠲᠡᠩᠭᠡᠭᠡᠳᠡᠢ ᠬᠦᠮᠦᠨ ᠬᠡᠵᠤ ᠶᠠᠷᠢᠯᠴᠠᠳᠠᠭ ᠨᠢ ᠦᠨᠡᠨ ᠳᠡᠭᠡᠨ ᠴᠢᠳᠠᠯ ᠢᠶᠠᠷ ᠪᠤᠰᠤ ᠶᠠᠭᠤᠮᠠᠨ ᠤ ᠡᠪ | ᠤᠯᠳᠠᠭ ᠲᠤ ᠯᠠ ᠤᠴᠢᠷ ᠪᠠᠶᠢᠵᠤ ᠁ ᠬᠡᠮᠡᠨ ᠪᠤᠳᠤᠵᠤ ᠶᠠᠪᠤᠯ᠎ᠠ᠃ ᠠᠪᠤ ᠮᠢᠨᠢ ᠦᠷᠦᠭᠡᠰᠦᠨ ᠭᠠᠷ ᠲᠠᠢ ᠴᠤ | ᠬᠡᠰᠡᠨ ᠰᠤᠮᠤᠨ ᠤ ᠠᠷᠰᠯᠠᠨ ᠬᠡᠷᠡᠯ ᠢ ᠮᠡᠭᠡ ᠪᠠᠷ ᠯᠠᠪ ᠬᠠᠶᠠᠨ᠎ᠠ ᠳ᠋ᠠ ᠁ ︵ᠦᠪᠦᠷ ᠮᠤᠩᠭᠤᠯ ᠤᠨ ᠡᠳᠦᠷ ᠤᠨ | ᠰᠤᠨᠢᠨ ᠠᠴᠠ︶ | ᠵᠣᠬᠢᠶᠠᠭᠴᠢ᠄ ︵ᠮᠤᠩᠭᠤᠯ ᠤᠯᠤᠰ︶ ᠵ᠊ · ᠲᠤᠭᠠᠷᠵᠠᠪ |