ᠪᠤᠷᠬᠠᠠᠪᠤᠭᠳᠡ᠂ ᠡᠨᠡ ᠦᠷᠯᠤᠭᠡ ᠴᠠᠭ ᠠᠴᠠ ᠪᠠᠨ ᠡᠷᠳᠡ ᠪᠤᠰᠪᠠ᠃ ᠭᠡᠰᠡᠨ ᠴᠤ ᠠᠪᠤ ᠨᠢ ᠠᠯᠢ ᠡᠷᠳᠡ | ᠠᠵᠢᠯ ᠳᠠᠭᠠᠨ ᠶᠠᠪᠤᠵᠠᠢ᠃ ᠪᠤᠷᠤ ᠲᠦᠷᠢᠭᠡᠨ ᠲᠠᠪᠢᠯᠭ᠎ᠠ ᠲᠠᠢ ᠵᠢᠵᠢᠭᠭᠡᠨ ᠪᠠᠶᠢᠰᠢᠩ ᠨᠢ ᠵᠢᠪᠡᠷᠡᠭᠦᠭᠡᠨ᠃ ᠬᠠᠷᠢᠨ | ᠰᠢᠷᠡᠭᠡᠨ ᠲᠡᠭᠡᠷ᠎ᠠ ᠡᠯᠡᠰᠤᠨ ᠰᠢᠬᠢᠷ ᠲᠦᠷᠬᠢᠭᠰᠡᠨ ᠬᠤᠶᠠᠷ ᠵᠦᠰᠤᠮᠠᠯ ᠲᠠᠯᠬ᠎ᠠ᠂ ᠪᠤᠳᠤᠭ ᠨᠢ ᠬᠠᠯᠴᠠᠷᠠᠭᠰᠠᠨ | ᠬᠠᠯᠠᠭᠤᠨ ᠰᠠᠪᠠ ᠲᠠᠢ ᠴᠠᠢ ᠨᠢ ᠪᠠᠯᠠᠨ ᠪᠠᠶᠢᠯ᠎ᠠ᠃ | ᠪᠤᠷᠬᠠᠠᠪᠤᠭᠳᠡ ᠦᠷᠯᠤᠭᠡ ᠪᠤᠯᠭᠠᠨ ᠡᠶᠢᠮᠤ ᠤᠮᠳᠠ ᠤᠤᠭᠤᠭᠠᠳ ᠬᠢᠴᠢᠶᠠᠯ ᠳᠡᠭᠡᠨ ᠶᠠᠪᠤᠳᠠᠭ ᠶᠤᠮ᠃ ᠭᠡᠯ᠎ᠠ | ᠴᠤ ᠶᠠᠳᠠᠭᠤᠬᠠᠨ ᠠᠮᠢᠳᠤᠷᠠᠯ ᠳᠠᠭᠠᠨ ᠭᠤᠳᠤᠷᠠᠬᠤ ᠨᠢ ᠦᠭᠡᠢ᠃ ᠬᠠᠷᠢᠨ ᠮᠠᠭᠤ ᠠᠪᠤ ᠶᠢ ᠪᠠᠨ ᠶᠡᠭᠡ ᠦᠷᠤ ᠡᠪᠡᠳᠳ᠋ᠩ | ᠪᠠᠶᠢᠯ᠎ᠠ᠃ ᠲᠡᠷᠡ ᠮᠡᠳᠡᠭᠡ ᠤᠷᠤᠭᠰᠠᠨ ᠴᠠᠭ ᠠᠴᠠ ᠪᠠᠨ ᠯᠠ ᠠᠪᠤ ᠲᠠᠢ ᠪᠠᠨ ᠬᠠᠮᠳᠦ ᠦᠰᠦᠭᠰᠡᠨ ᠶᠤᠮ᠃ | ᠪᠤᠷᠬᠠᠠᠪᠤᠭᠳᠡ ᠰᠢᠬᠢᠷ ᠲᠦᠷᠬᠢᠭᠰᠡᠨ ᠵᠤᠵᠠᠭᠠᠨ ᠲᠠᠯᠬ᠎ᠠ ᠪᠠᠨ ᠬᠠᠷ᠎ᠠ ᠴᠠᠢ ᠪᠠᠷ ᠲᠠᠷᠤᠭᠤᠯᠤᠨ ᠲᠤᠬᠠᠳᠠᠶᠢᠬᠠᠨ | ᠵᠠᠵᠢᠯᠠᠬᠤ ᠵᠠᠭᠤᠷ᠎ᠠ ᠪᠠᠨ ᠪᠠᠭ᠎ᠠ ᠨᠠᠰᠤ ᠪᠠᠨ ᠰᠠᠨᠠᠪᠠ᠃ | ᠲᠡᠳᠡᠨ ᠤ ᠬᠢᠨ ᠬᠤᠶᠠᠷ ᠦᠷᠤᠭᠡ ᠡᠪᠤᠯ ᠤᠨ᠂ ᠪᠠᠰᠠ ᠵᠤᠨ ᠤ ᠲᠤᠮᠤ ᠳ᠋ᠦᠡᠭᠰᠠᠨ ᠪᠠᠶᠢᠰᠢᠩ ᠲᠠᠢ᠂ | ᠨᠤᠭᠤᠭ᠎ᠠ ᠶᠢᠨ ᠵᠢᠭᠠᠬᠠᠨ ᠲᠠᠯᠠᠪᠠᠢ ᠲᠠᠢ ᠰᠠᠶᠢᠬᠠᠨ ᠬᠠᠰᠢᠶ᠎ᠠ ᠲᠠᠢ ᠪᠠᠶᠢᠳᠠᠭ ᠰᠠᠨ᠃ ᠲᠡᠷᠡ ᠪᠠᠭ᠎ᠠ ᠠᠴᠠ ᠪᠠᠨ | ᠤᠰᠤ ᠪᠠᠨ ᠵᠦᠭᠡᠭᠡᠵᠤ᠂ ᠲᠦᠯᠡᠭᠡ ᠪᠠᠨ ᠬᠠᠭᠠᠯᠵᠤ᠂ ᠨᠤᠭᠤᠭ᠎ᠠ ᠪᠠᠨ ᠵᠡᠷᠯᠢᠭ ᠵᠤᠯᠭᠠᠭᠠᠵᠤ᠂ ᠶᠠᠷᠤ ᠨᠢ ᠠᠵᠢᠯ ᠳᠤ | ᠰᠤᠷᠤᠭᠰᠠᠨ ᠶᠤᠮ᠃ ᠠᠪᠤ ᠨᠢ ᠨᠠᠰᠤ ᠪᠠᠷ ᠢᠶᠠᠨ ᠯᠠ ᠮᠠᠨᠠᠭᠠᠴᠢ ᠬᠢᠵᠤ ᠶᠠᠪᠤᠵᠠᠢ᠃ ᠪᠤᠷᠬᠠᠠᠪᠤᠭᠳᠡ ᠶᠠᠳᠠᠭᠤᠬᠠᠨ | ᠠᠶᠢᠯ ᠤᠨ ᠭᠦᠤ ᠪᠤᠯᠪᠠᠴᠤ ᠦᠯᠤᠰᠴᠤ ᠴᠠᠩᠭᠠᠵᠤ ᠶᠠᠪᠤᠭᠰᠠᠨ ᠦᠭᠡᠢ᠂ ᠭᠦᠤ ᠳᠡᠭᠡᠨ ᠠᠮᠢ ᠪᠠᠨ ᠲᠠᠯᠪᠢᠳᠠᠭ ᠠᠪᠤ ᠨᠢ | ᠦᠪᠠᠷ ᠤᠨ ᠬᠢᠨᠢ ᠲᠦᠯᠤᠭᠡ ᠠᠯᠢ ᠪᠠᠶᠢᠳᠠᠭ ᠪᠠᠨ ᠲᠡᠮᠳᠠᠷᠢᠭ᠍ᠰᠡᠭᠡᠷ ᠢᠷᠠᠵᠠᠢ᠃ ᠠᠷᠪᠠᠨ ᠭᠡᠳᠦ ᠭᠦᠷᠳᠡᠯ᠎ᠠ ᠪᠠᠨ | ᠠᠪᠤ ᠶᠢᠨ ᠢᠶᠠᠨ ᠡᠪᠤᠷ ᠲᠤ ᠤᠠᠳᠠᠵᠤ ᠪᠢᠯᠠ᠃ ᠠᠪᠤ ᠶᠢᠨ ᠢᠶᠠᠨ ᠲᠤᠷᠠᠩᠬᠠᠢ ᠴᠡᠭᠡᠵᠢᠨ ᠳᠤ ᠨᠠᠭᠠᠯᠳᠤᠵᠤ ᠲᠤᠳᠤᠨᠤ | ᠰᠠᠶᠢᠬᠠᠨ ᠦᠨᠤᠷ ᠢᠶᠠᠷ ᠨᠢ ᠠᠮᠢᠰᠬᠤᠯᠯᠠᠨ ᠤᠠᠳᠠᠬᠤ ᠶᠠᠭᠤᠳᠡᠢ ᠵᠢᠷᠭᠠᠯᠳᠡᠢ᠃ ᠭᠡᠷ ᠲᠡᠭᠡᠨ ᠴᠤ᠂ ᠮᠠᠨᠠᠭᠠᠨ ᠤ | ᠱᠤᠪᠤᠭᠤᠷ ᠲᠤ ᠴᠤ ᠠᠪᠤ ᠲᠠᠢ ᠪᠠᠨ ᠪᠠᠶᠢᠬᠤ ᠠᠴᠠ ᠰᠠᠶᠢᠬᠠᠨ ᠶᠠᠭᠤᠮ᠎ᠠ ᠦᠭᠡᠢ᠃ ᠶᠢᠰᠤᠳᠤᠭᠡᠷ ᠠᠩᠬᠢ ᠳᠤ | ᠤᠷᠤᠭᠰᠠᠨ ᠵᠢᠯ ᠠᠪᠤ ᠨᠢ ᠦᠰᠴᠤ ᠲᠠᠰᠤᠭᠰᠠᠨ ᠪᠠᠶᠢᠷᠢ ᠪᠠᠨ᠂ ᠰᠢᠨ᠎ᠠ ᠬᠤᠷᠢᠶᠠᠯᠠᠯ ᠤᠨ ᠬᠠᠶᠠᠭ᠎ᠠ ᠲᠦᠰᠢᠭᠰᠡᠨ | ᠨᠢᠭᠡᠨ ᠦᠮᠤᠭᠡᠢ ᠪᠠᠶᠢᠰᠢᠩ ᠲᠠᠢ ᠵᠢᠵᠢᠭᠭᠡᠨ ᠬᠠᠰᠢᠶ᠎ᠠ ᠪᠠᠷ ᠰᠤᠯᠢᠪᠠ᠃ ᠭᠦᠤ ᠪᠠᠨ ᠲᠤᠷ᠎ᠠ ᠦᠭᠡᠶᠢᠴᠡᠭᠦ ᠳᠤ ︽ᠮᠢᠨᠤ | ᠭᠦᠤ ᠤᠳᠠᠬᠤ ᠦᠭᠡᠢ ᠲᠡᠭᠡᠳᠦ ᠰᠤᠷᠭᠠᠭᠤᠯᠢ ᠳᠤ ᠤᠷᠤᠨ᠎ᠠ᠂ ᠮᠦᠡᠭᠭᠦ ᠭᠡᠷᠩ ᠲᠠᠢ︾ ᠭᠡᠵᠡᠢ᠃ ᠲᠡᠭᠡᠭᠡᠳ | ᠭᠦᠤ ᠪᠠᠨ ᠲᠠᠭᠠᠭᠤᠯᠤᠨ ᠶᠠᠪᠤᠵᠤ᠂ ᠵᠦᠷᠢᠶᠠᠨ ᠳᠤ ᠠᠪᠤᠭᠰᠠᠨ ᠮᠦᠡᠭᠭᠦ ᠪᠠᠨ ᠪᠠᠩᠬᠢ ᠳᠤ ᠬᠠᠳᠠᠭᠠᠯᠠᠭᠤᠯᠤᠨ᠂ | ᠦᠯᠡᠳᠡᠭᠰᠡᠨ ᠢᠶᠠᠷ ᠨᠢ ᠬᠤᠪᠴᠡᠰᠤ ᠬᠤᠨᠠᠷ ᠠᠪᠴᠤ ᠦᠭᠴᠡᠢ᠃ | ᠦᠡᠭᠭᠡᠷᠡᠭᠰᠡᠨ ᠬᠠᠪᠤᠷ ᠵᠢᠵᠢᠭᠭᠡᠨ ᠬᠠᠰᠢᠶᠠᠨ ᠤ ᠪᠠᠨ ᠨᠢᠭᠡ ᠪᠤᠯᠤᠩ ᠳᠤ ᠲᠠᠭᠳᠠᠷᠰᠢᠭᠰᠠᠨ ᠭᠠᠵᠠᠷ ᠬᠠᠭᠠᠯᠤᠨ | ᠨᠦᠳᠤᠵᠤ ᠵᠦᠭᠡᠯᠡᠷᠡᠭᠦᠯᠤᠭᠡᠳ᠂ ᠤᠶᠢᠷᠠᠬᠠᠨ ᠭᠠᠵᠠᠷ ᠠᠴᠠ ᠬᠠᠷ᠎ᠠ ᠰᠢᠷᠤᠢ ᠡᠭᠦᠷᠴᠤ ᠵᠦᠭᠡᠭᠡᠨ ᠬᠤᠯᠢᠵᠤ᠂ ᠵᠢᠭᠠᠬᠠᠨ | ᠲᠦᠮᠤᠰᠤ ᠴᠠᠭᠠᠨ ᠨᠠᠪᠴᠢ ᠲᠠᠷᠢᠭᠰᠠᠨ ᠨᠢ ᠤᠪᠤᠭ᠎ᠠ ᠤᠷᠭᠤᠵᠠᠢ᠃ ᠭᠡᠪᠡᠴᠤ ᠮᠦᠡᠭᠭᠦ ᠁ ᠡᠳᠤᠷ ᠪᠤᠯᠭᠠᠨ | ᠶᠠᠭᠤᠮᠠᠨ ᠤ ᠦᠨ᠎ᠠ ᠨᠠᠮᠩᠳᠡᠵᠤ ᠪᠠᠶᠢᠭ᠎ᠠ ᠪᠤᠯᠬᠤᠷ ᠮᠢᠬ᠎ᠠ᠂ ᠲᠠᠯᠬ᠎ᠠ᠂ ᠠᠪᠬᠤ ᠰᠦ ᠳᠤᠨᠢ ᠴᠤ ᠡᠪᠤᠭᠡᠨ ᠤ | ᠲᠡᠳᠭᠦᠪᠤᠷᠢ ᠶᠢᠨ ᠮᠦᠡᠭᠭᠦ ᠭᠦᠷᠭᠦ ᠦᠭᠡᠢ᠃ | ᠦᠡᠭᠭᠡᠷᠡᠭᠰᠡᠨ ᠵᠤᠨ ᠪᠤᠷᠬᠠᠠᠪᠤᠭᠳᠡ ᠨᠢᠭᠡ ᠲᠡᠯᠭᠡᠭᠦᠷ ᠲᠤ ᠠᠴᠢᠠᠠᠴᠢ ᠬᠢᠵᠤ ᠴᠦᠭᠡᠨ ᠲᠦᠭᠦᠷᠢᠭ ᠤᠯᠤᠭᠰᠠᠨ | ᠪᠤᠯᠪᠠᠴᠤ ᠶᠠᠭᠤᠨ ᠤᠳᠠᠬᠤ ᠪᠢᠯᠠ᠃ ᠭᠡᠳᠡᠯ᠎ᠠ ᠦᠡᠭᠭᠡᠷᠡᠭᠰᠡᠨ ᠨᠠᠮᠤᠷ ᠠᠴᠠ ᠠᠪᠤ ᠨᠢ ᠠᠵᠢᠯ ᠲᠠᠢ ᠪᠤᠯᠤᠯ᠎ᠠ᠃ | ᠦᠷᠯᠤᠭᠡ ᠬᠠᠷ᠎ᠠ ᠦᠷ ᠢᠶᠠᠷ ᠶᠠᠪᠤᠨ᠎ᠠ᠃ ᠬᠠᠷᠢᠨ ᠪᠤᠷᠬᠠᠠᠪᠤᠭᠳᠡ ᠶᠢ ᠢᠷᠡᠭᠦ ᠳᠤᠨᠢ ᠭᠡᠷ ᠲᠡᠭᠡᠨ ᠭᠦᠯᠢᠶᠠᠵᠤ ᠰᠠᠭᠤᠳᠠᠭ | ᠪᠠᠶᠢᠪᠠ᠃ ︽ᠲᠠ ᠬᠠᠮᠢᠭ᠎ᠠ ᠠᠵᠢᠯᠯᠠᠳᠠᠭ ᠶᠤᠮ ᠪᠤᠢ︖︾ ᠭᠡᠭᠦ ᠳᠤ᠂ ︽ᠠ᠂ ᠨᠢᠭᠡ ᠺᠤᠮᠫᠠᠨᠢ ᠶᠢᠨ ᠬᠠᠰᠢᠶ᠎ᠠ | ᠴᠠᠪᠠᠷᠯᠠᠳ᠋ᠩ ᠶᠤᠮ︾ ᠭᠡᠵᠡᠢ᠃ ᠨᠢᠭᠡ ᠤᠳᠠᠭ᠎ᠠ ︽ᠠᠪᠤ ᠡ᠂ ᠪᠢ ᠠᠷᠪᠠ ᠲᠡᠭᠦᠰᠤᠭᠡᠳ ᠠᠵᠢᠯ ᠬᠢᠨ᠎ᠠ ᠡ︾ | ᠭᠡᠭᠦ ᠳᠤ᠂ ᠡᠴᠢᠭᠡ ᠨᠢ ᠶᠡᠭᠡᠳᠡ ᠰᠠᠠᠳᠤᠷᠴᠤ ︽ᠮᠢᠨᠤ ᠭᠦᠤ ᠲᠡᠭᠡᠵᠤ ᠶᠠᠭᠠᠬᠢᠵᠤ ᠪᠤᠯᠬᠤ ᠪᠤᠢ᠂ ᠪᠢ ᠭᠦᠤ ᠪᠠᠨ | ᠲᠡᠭᠡᠳᠦ ᠰᠤᠷᠭᠠᠭᠤᠯᠢ ᠳᠤ ᠤᠷᠤᠭᠤᠯᠤᠨ᠎ᠠ᠃ | ᠦᠪᠠᠷ ᠰᠢᠭ ᠢᠶᠠᠨ ᠭᠦᠮᠤᠨ ᠪᠤᠯᠭᠠᠬᠤ ᠦᠭᠡᠢ᠃ ᠠᠪᠤ ᠨᠢ ᠭᠦᠤ ᠳᠡᠭᠡᠨ ᠲᠡᠩᠳᠡ ᠪᠠᠶᠠᠷᠯᠠᠵᠤ ᠶᠠᠪᠤᠳᠠᠭ ᠰᠢᠤ︾ | ᠭᠡᠳ ᠬᠤᠭᠤᠯᠠᠢ ᠨᠢ ᠵᠠᠩᠬᠢᠷᠠᠵᠠᠢ᠃ ᠡᠪᠤᠭᠡᠨ ︽ᠮᠦᠡᠭᠭᠦᠨ ᠤ ᠭᠠᠷᠤᠵᠠ︾ ᠭᠡᠳ ᠲᠡᠮᠡᠬᠢᠨ ᠠᠴᠠ ᠪᠠᠨ ᠴᠤ | ᠭᠠᠷᠴᠢᠬᠠᠪᠠ᠃ ᠦᠡᠭᠭᠡᠷᠡᠭᠰᠡᠨ ᠵᠤᠨ ᠪᠤᠷᠬᠠᠠᠪᠤᠭᠳᠡ ᠠᠩᠬᠠᠨ ᠤ ᠴᠡᠯᠢᠩ ᠢᠶᠠᠨ ᠠᠪᠤᠭᠠᠳ ᠠᠪᠤ ᠳᠠᠭᠠᠨ ᠨᠢᠭᠡ ᠰᠢᠯ | ᠠᠷᠢᠬᠢ ᠠᠪᠴᠤ ᠦᠭᠴᠡᠢ᠃ ᠡᠪᠤᠭᠡᠨ ᠶᠡᠭᠡᠳᠡ ᠪᠠᠶᠠᠷᠯᠠᠨ ᠭᠡᠳᠤᠨ ᠬᠤᠨᠳᠠᠭ᠎ᠠ ᠤᠤᠭᠤᠭᠠᠳ ᠬᠠᠯᠠᠮᠴᠡᠵᠤ᠂ ᠠᠮᠠ ᠪᠠᠨ | ᠠᠷᠴᠢᠨ ᠭᠦᠤ ᠶᠢᠨ ᠢᠶᠠᠨ ᠲᠤᠯᠤᠭᠠᠢ ᠶᠢ ᠢᠯᠪᠢᠨ ᠦᠨᠤᠰᠤᠭᠡᠳ ︽ᠮᠢᠨᠤ ᠪᠤᠷᠬᠠᠨ᠂ ᠰᠠᠶᠢᠬᠠᠨ ᠦᠷ᠎ᠠ ᠮᠢᠨᠢ︾ | ᠭᠡᠵᠤ ᠪᠠᠭ᠎ᠠ ᠶᠢᠨ ᠬᠢ ᠰᠢᠭ ᠨᠢ ᠦᠭᠦᠭᠡᠷᠳᠡᠵᠤ ᠪᠢᠯᠠ᠃ | ᠪᠤᠷᠬᠠᠠᠪᠤᠭᠳᠡ ᠪᠠᠭ᠎ᠠ ᠳᠠᠭᠠᠨ ︽ᠨᠠᠳᠡ ᠳᠤ ᠶᠠᠭᠠᠬᠢᠭᠠᠳ ᠡᠶᠢᠮᠤ ᠬᠠᠴᠢᠨ ᠨᠠᠷᠠ ᠦᠭᠭᠦᠭᠰᠡᠨ ᠶᠤᠮ ᠪᠤᠢ︖︾ | ᠭᠡᠭᠦ ᠳᠤ᠂ ︽ᠴᠢ ᠮᠢᠨᠤ ᠰᠢᠳᠤᠭᠡᠨ ᠪᠤᠯᠤᠭᠠᠳ ᠲᠡᠷᠡ︾ ᠭᠡᠰᠡᠨ ᠠᠵᠢ᠃ ︽ᠡᠵᠢ ᠶᠠᠮᠠᠷ ᠭᠦᠮᠤᠨ ᠪᠠᠶᠢᠭᠰᠠᠨ ᠪᠤᠢ | ︖︾ ᠭᠡᠭᠦ ᠳᠤ ︽ᠰᠠᠶᠢᠬᠠᠨ ᠭᠦᠮᠤᠨ ᠪᠠᠶᠢᠭᠰᠠᠨ ᠶᠤᠮ ᠡ︾ ᠭᠡᠭᠦ ᠠᠴᠠ ᠦᠭᠡᠷ᠎ᠠ ᠦᠭᠡ ᠭᠡᠯᠡᠳ᠋ᠩ ᠦᠭᠡᠢ ᠪᠠᠶᠢᠯ᠎ᠠ | ᠃ ᠭᠦᠤ ᠴᠤ ᠰᠡᠭᠦᠯ ᠳᠡᠭᠡᠨ ᠤᠬᠠᠭᠠᠨ ᠰᠠᠭᠤᠭᠠᠳ ᠠᠪᠤ ᠶᠢᠨ ᠢᠶᠠᠨ ᠰᠡᠳᠬᠢᠯ ᠢ ᠵᠤᠪᠠᠭᠠᠬᠤ ᠦᠭᠡᠢ ᠶᠢᠨ ᠲᠤᠯᠠ | ᠲᠡᠷᠡ ᠲᠤᠬᠠᠢ ᠲᠠᠬᠢᠨ ᠠᠰᠠᠭᠤᠬᠤ ᠪᠠᠨ ᠪᠤᠯᠢᠭᠰᠠᠨ ᠶᠤᠮ᠃ ᠬᠠᠷᠢᠨ ᠭᠦᠤ ᠶᠢᠨ ᠢᠶᠠᠨ ᠠᠪᠴᠢᠷᠠᠭᠰᠠᠨ ᠠᠷᠢᠬᠢᠨ ᠳᠤ | ᠬᠠᠯᠠᠮᠴᠠᠭᠰᠠᠨ ᠲᠡᠷᠡ ᠤᠷᠤᠢ᠂ ︽ᠮᠢᠨᠤ ᠭᠦᠤ ᠲᠤᠮᠤ ᠡᠷ᠎ᠠ ᠪᠤᠯᠵᠠᠢ᠃ ᠠᠪᠤ ᠨᠢ ᠤᠳᠠᠬᠤ ᠦᠭᠡᠢ ᠦᠡᠭᠭᠦᠷᠢᠭᠡᠳ | ᠦᠭᠭᠦᠨ᠎ᠠ᠃ ᠭᠦᠤ ᠳᠤ ᠮᠢᠨᠢ ᠰᠤᠷᠤᠭᠰᠠᠨ ᠡᠷᠳᠡᠮ ᠯᠠ ᠭᠡᠷᠩ ᠪᠤᠯᠵᠤ ᠦᠭᠭᠦᠨ᠎ᠠ ᠰᠢᠤ︾ ᠭᠡᠵᠤ ᠰᠤᠷᠭᠠᠮᠵᠢᠯᠠᠭᠠᠳ | ᠭᠡᠰᠡᠭᠭᠡᠨ ᠲᠠᠭᠤ ᠦᠭᠡᠢ ᠰᠠᠭᠤᠭᠰᠠᠨ ᠢᠶᠠᠨ ᠶᠡᠭᠡ ᠪᠠᠷ ᠰᠠᠨᠠᠭ᠎ᠠ ᠠᠯᠳᠠᠵᠤ᠂ ︽ᠪᠢ ᠭᠦᠤ ᠶᠢᠨ ᠢᠶᠠᠨ ᠡᠵᠢ ᠶᠢ | ᠲᠠᠩᠴᠤ ᠮᠡᠳᠡᠭᠦ ᠦᠭᠡᠢ ᠶᠤᠮ ᠳ᠋ᠠ︾ ᠭᠡᠵᠡᠢ᠃ ᠪᠤᠷᠬᠠᠠᠪᠤᠭᠳᠡ ᠪᠦᠷ ᠭᠠᠶᠢᠬᠠᠵᠤ ︽ᠶᠠᠭᠤ ᠭᠡᠨ᠎ᠠ︖︾ ᠭᠡᠪᠡᠯ᠂ | ︽ᠠ ᠮᠢᠨᠤ ᠭᠦᠤ ᠤᠳᠦ ᠮᠡᠳᠡᠵᠤ ᠠᠪ ᠳ᠋ᠠ᠃ ᠬᠠᠨᠢ ᠮᠢᠨᠢ ᠦᠭᠡᠳᠡ ᠪᠤᠯᠵᠤ ᠪᠢ ᠭᠡᠳ᠋ᠩ ᠠᠮᠢᠳᠡᠨ ᠡᠯᠠᠢ ᠪᠠᠯᠠᠢ | ᠶᠠᠪᠤᠭᠰᠠᠭᠠᠷ ᠨᠢᠭᠡ ᠵᠢᠯ ᠦᠡᠭᠭᠡᠷᠡᠵᠤ ᠪᠠᠶᠢᠬᠤ ᠳᠤ ᠨᠢᠭᠡ ᠦᠷᠯᠤᠭᠡ ᠮᠠᠭᠤ ᠪᠠᠶᠢᠰᠢᠩ ᠤᠨ ᠮᠢᠨᠢ ᠲᠤᠪᠴᠢᠶᠠᠨ ᠲᠡᠭᠡᠷ᠎ᠠ | ᠦᠯᠤᠭᠡᠢ ᠲᠠᠢ ᠭᠡᠤᠭᠡᠳ ᠪᠠᠶᠢᠵᠤ ᠪᠠᠶᠢᠭᠰᠠᠨ ᠶᠤᠮ ᠳ᠋ᠠ᠃ ᠲᠡᠷᠡ ᠪᠤᠯ ᠴᠢ᠃ ᠢᠩᠬᠢᠵᠤ ᠪᠢ ᠭᠦᠤ ᠲᠠᠢ᠂ ᠴᠢ | ᠠᠪᠤ ᠲᠠᠢ ᠪᠤᠯᠤᠭᠰᠠᠨ ᠭᠡᠷᠩ᠃ ᠪᠤᠷᠬᠠᠨ᠂ ᠬᠠᠨᠢ ᠶᠢᠨ ᠮᠢᠨᠢ ᠰᠦᠨᠠᠰᠤ ᠶᠢ ᠭᠦᠤ ᠪᠤᠯᠭᠠᠭᠠᠳ ᠨᠠᠳᠡ ᠳᠤ ᠢᠯᠡᠭᠡᠵᠤ | ᠭᠡᠵᠤ ᠰᠦᠰᠦᠭᠯᠡᠭᠡᠳ ᠴᠢᠮ᠎ᠠ ᠳᠤ ᠡᠶᠢᠮᠤ ᠨᠠᠷᠠ ᠦᠭᠭᠦᠭᠰᠡᠨ ᠶᠤᠮ︾ ᠭᠡᠵᠤ ᠬᠠᠭᠤᠴᠢᠯᠠᠵᠠᠢ᠃ ᠪᠤᠷᠬᠠᠠᠪᠤᠭᠳᠡ | ᠡᠭᠦᠨ ᠠᠴᠠ ᠬᠤᠶᠢᠰᠢ ᠠᠪᠤ ᠶᠢ ᠪᠠᠨ ᠤᠯᠠᠮ ᠦᠷᠤ ᠡᠪᠡᠳᠴᠤ ︽ᠵᠢᠷᠭᠠᠭᠠᠬᠤ ᠰᠠᠨ︾ ᠭᠡᠵᠤ ᠭᠦᠰᠡᠭᠦ ᠪᠤᠯᠤᠭᠰᠠᠨ | ᠶᠤᠮ᠃ | ᠲᠡᠷᠡ ᠤᠮᠳᠠ ᠪᠠᠨ ᠤᠤᠭᠤᠵᠤ᠂ ᠭᠡᠷ ᠢᠶᠠᠨ ᠴᠠᠪᠠᠷᠯᠡᠭᠡᠳ ᠭᠠᠷᠪᠠ᠃ ᠪᠤᠷᠬᠠᠠᠪᠤᠭᠳᠡ ᠰᠤᠷᠭᠠᠭᠤᠯᠢ ᠳᠤ | ᠤᠷᠤᠭᠰᠠᠨ ᠴᠠᠭ ᠠᠴᠠ ᠪᠠᠨ ᠬᠤᠶᠢᠰᠢ ᠰᠠᠶᠢᠨ᠂ ᠤᠠᠴᠠ ᠠᠴᠠ ᠦᠭᠡᠷ᠎ᠠ ᠳ᠋ᠦᠩ ᠠᠪᠴᠤ ᠪᠠᠶᠢᠭᠰᠠᠨ ᠦᠭᠡᠢ᠃ | ᠡᠭᠦᠨ ᠳᠤ ᠠᠪᠤ ᠨᠢ ᠲᠡᠩᠳᠡ ᠪᠠᠶᠠᠷᠯᠠᠵᠤ ︽ᠮᠢᠨᠤ ᠭᠦᠤ ᠡᠷᠳᠡᠮᠳᠡᠨ ᠪᠤᠯᠤᠨ᠎ᠠ︾ ᠭᠡᠮᠡᠨ ᠪᠠᠭ᠋ᠠᠷᠬᠠᠨ᠎ᠠ᠃ ᠭᠦᠤ ᠴᠤ | ᠠᠪᠤ ᠶᠢ ᠪᠠᠨ ᠪᠠᠶᠠᠷᠯᠠᠭᠤᠯᠵᠤ ᠪᠠᠶᠢᠬᠤ ᠶᠢᠨ ᠲᠤᠯᠠᠳᠡ ᠮᠠᠷᠠᠶᠢᠭᠰᠡᠭᠡᠷ ᠠᠷᠪᠠ ᠲᠡᠭᠦᠰᠭᠦ ᠳᠤ ᠭᠡᠳᠤᠭᠡᠨ ᠰᠠᠷ᠎ᠠ | ᠦᠯᠡᠳᠡᠭᠡᠳ ᠪᠠᠶᠢᠭ᠎ᠠ ᠨᠢ ᠡᠨᠡ᠃ | ᠪᠤᠷᠬᠠᠠᠪᠤᠭᠳᠡ ᠦᠨᠤᠳᠤᠷ ᠵᠠᠮ ᠬᠠᠵᠠᠶᠢᠪᠠ᠃ ᠦᠴᠤᠭᠡᠳᠤᠷ ᠠᠩᠬᠢ ᠶᠢᠨ ᠢᠶᠠᠨ ᠦᠶᠠᠷᠭᠡᠳ᠋ᠩ ᠦᠬᠢᠨ | ᠦᠨᠢᠷᠴᠡᠴᠡᠭ ᠢ ᠲᠠᠭᠠᠷᠢᠵᠤ ᠤᠴᠢᠬᠤ᠂ ᠲᠡᠷᠡ ᠨᠢ ᠭᠠᠳᠡᠨ᠎ᠠ ᠪᠠᠨ ᠭᠦᠯᠢᠶᠠᠵᠤ ᠪᠠᠶᠢᠬᠤ ᠪᠤᠯᠵᠤᠭ᠎ᠠ ᠲᠠᠯᠪᠢᠭᠰᠠᠨ ᠶᠤᠮ | ᠪᠠᠶᠢᠵᠠᠢ᠃ ᠨᠢᠭᠡ ᠪᠠᠶᠢᠷᠢᠨ ᠤ ᠬᠠᠵᠠᠭᠤ ᠪᠠᠷ ᠦᠡᠭᠭᠡᠷᠡᠵᠤ ᠶᠠᠪᠤᠬᠤ ᠳᠤ ᠦᠷᠯᠤᠭᠡᠨ ᠤ ᠪᠦᠳᠡᠬᠢ ᠭᠡᠷᠡᠯ ᠳᠤ ᠬᠤᠶᠠᠷ | ᠭᠦᠮᠤᠨ ᠬᠤᠭ ᠤᠨ ᠰᠠᠪᠠ ᠤᠬᠤᠵᠤ ᠪᠠᠶᠢᠭ᠎ᠠ ᠨᠢ ᠬᠠᠷᠠᠭᠳᠠᠪᠠ᠃ ᠭᠦᠤ ︽ᠶᠠᠳᠠᠭᠤ ᠭᠦᠮᠤᠨ ᠤ ᠵᠤᠪᠠᠯᠠᠩ︾ ᠭᠡᠵᠤ | ᠪᠤᠳᠤᠭᠠᠳ᠂ ᠦᠨᠢᠷᠴᠡᠴᠡᠭ ᠤᠨ ᠢᠶᠠᠨ ᠪᠤᠯᠵᠤᠭᠠᠨ ᠳᠤ ᠶᠠᠭᠠᠷᠠᠨ ᠴᠠᠭᠠᠰᠢᠯᠠᠯᠠ᠃ ᠲᠠᠷᠠᠭ᠎ᠠ ᠶᠢᠨ ᠪᠠᠶᠢᠷᠢ ᠶᠢᠨ ᠬᠤᠭ ᠢ | ᠪᠠᠰᠠ ᠨᠢᠭᠡ ᠭᠦᠮᠤᠨ ᠤᠬᠤᠵᠤ ᠪᠠᠶᠢᠨ᠎ᠠ᠃ ᠰᠠᠨᠠᠭᠠᠨ ᠳᠤ ᠦᠭᠡᠢ ᠤᠶᠢᠷᠠᠳᠤᠵᠤ ᠠᠪᠤᠭᠠᠳ ᠵᠤᠭ ᠲᠤᠰᠪᠠ᠃ | ᠠᠪᠤ ᠶᠢᠨ ᠬᠢᠨᠢ ᠠᠵᠢᠯ ᠳᠠᠭᠠᠨ ᠡᠮᠤᠰᠳ᠋ᠩ ᠬᠤᠪᠴᠡᠰᠤ᠂ ᠵᠤᠭᠰᠤᠭᠠᠳ ᠠᠵᠢᠭᠯᠠᠪᠠ᠃ ᠬᠤᠭ ᠲᠤᠳᠤᠷ᠎ᠠ ᠠᠴᠠ | ᠫᠢᠸᠤ᠋ ᠶᠢᠨ ᠭᠡᠳᠤᠨ ᠰᠢᠯ᠂ ᠬᠤᠶᠠᠷ ᠭᠤᠷᠪᠠᠨ ᠲᠠᠮᠤᠷ ᠯᠠᠰᠠ ᠭᠠᠷᠭᠠᠨ ᠤᠭᠤᠳᠡᠨ ᠳᠤ ᠬᠢᠵᠤ ᠪᠠᠶᠢᠨ᠎ᠠ᠃ ᠭᠦᠳᠡᠯᠵᠤ | ᠶᠠᠪᠤᠬᠤ ᠨᠢ ᠶᠠᠭ ᠠᠪᠤ᠃ ᠪᠤᠷᠬᠠᠠᠪᠤᠭᠳᠡ ᠶᠢᠨ ᠲᠤᠳᠤᠷ᠎ᠠ ᠫᠠᠯᠬᠢᠨ ︽ᠦᠨᠤ ᠺᠤᠮᠫᠠᠨᠢ ᠶᠢᠨ ᠬᠠᠰᠢᠶ᠎ᠠ ᠭᠡᠳ᠋ᠩ ᠨᠢ ᠁ | ︾ ᠭᠡᠵᠤ ᠪᠤᠳᠤᠩᠭᠤᠳᠡ ᠭᠦᠶᠤᠭᠦ ᠰᠢᠬᠠᠭᠤ ᠤᠴᠢᠵᠤ ᠴᠡᠴᠡᠷᠬᠢᠯᠡᠭᠰᠡᠨ ᠬᠤᠭᠤᠯᠠᠢ ᠪᠠᠷ ︽ᠠᠪᠤ ᠡ︾ ᠭᠡᠳᠡᠯ᠎ᠠ | ᠡᠪᠤᠭᠡᠨ ᠴᠤᠴᠢᠵᠤ ᠲᠠᠮᠤᠷ ᠲᠡᠭᠡᠭᠡ ᠪᠠᠨ ᠬᠠᠩ ᠬᠢᠯᠭᠡᠨ ᠤᠨᠠᠭᠠᠭᠠᠳ ᠭᠡᠰᠩ ᠠᠯᠮᠠᠶᠢᠷᠠᠨ ᠬᠠᠷᠠᠵᠤ ᠵᠤᠭᠰᠤᠪᠠ᠃ | ᠲᠡᠭᠡᠭᠡᠳ ᠨᠢᠭᠤᠷ ᠢᠶᠠᠨ ᠲᠠᠭᠯᠠᠭᠰᠠᠨ ᠠᠮᠠᠪᠴᠢᠨ ᠤ ᠴᠠᠭᠠᠨ᠎ᠠ ᠠᠴᠠ ︽ᠮᠢᠨᠤ ᠭᠦᠤ︾ ᠭᠡᠵᠤ ᠴᠡᠬᠢᠷᠳᠠᠭᠰᠠᠨ | ᠬᠤᠭᠤᠯᠠᠢ ᠪᠠᠷ ᠲᠤᠤᠭᠠᠷᠤᠯᠠ᠃ | — ᠲᠠ ᠶᠠᠭᠠᠬᠢᠵᠤ ᠪᠠᠶᠢᠭ᠎ᠠ ᠪᠤᠢ︖ | — ᠠᠪᠤ ᠨᠢ ᠰᠢᠯ ᠯᠠᠰᠠ ᠯᠠ ᠲᠡᠭᠦᠳ᠋ᠩ ᠶᠤᠮ᠃ ᠦᠭᠡᠷ᠎ᠠ ᠶᠠᠭᠤ ᠴᠤ ᠠᠪᠳᠠᠭ ᠦᠭᠡᠢ᠃ | — ᠠᠪᠤ ᠡ ᠬᠠᠷᠢᠶ᠎ᠠ︕ | — ᠮᠢᠨᠤ ᠭᠦᠤ ᠰᠤᠷᠭᠠᠭᠤᠯᠢ ᠳᠠᠭᠠᠨ ᠶᠠᠪᠤ ᠡ︕ | — ᠦᠭᠡᠢ᠂ ᠪᠢ ᠠᠵᠢᠯ ᠬᠢᠨ᠎ᠠ᠃ ᠡᠶᠢᠮᠤ ᠭᠡᠳᠤᠨ ᠦᠭᠡ ᠰᠤᠯᠢᠭᠠᠳ ᠪᠤᠷᠬᠠᠠᠪᠤᠭᠳᠡ ᠠᠪᠤ ᠶᠢ ᠪᠠᠨ | ᠰᠤᠭᠤᠳᠡᠨ ᠡᠷᠬᠢᠪᠡ᠃ ᠡᠪᠤᠯ ᠤᠨ ᠵᠢᠪᠠᠷᠳᠦ ᠦᠷᠯᠤᠭᠡ ᠠᠪᠤ᠂ ᠭᠦᠤ ᠬᠤᠶᠠᠭᠤᠯᠠ ᠪᠠᠨ ᠤᠬᠢᠯᠠᠵᠤ ᠶᠠᠪᠤᠨ᠎ᠠ᠃ | ᠵᠣᠬᠢᠶᠠᠭᠴᠢ᠄ ︵ᠮᠤᠩᠭᠤᠯ︶ ᠫ᠊ ᠊ ᠫᠦᠷᠪᠤᠰᠦ᠋ᠷᠤᠩ | |