ᠶᠡᠬᠡᠰ ᠤᠨ ᠬᠤᠭᠤᠯᠠᠢ ᠶᠢᠨ ᠲᠤᠭᠤᠷᠴᠤᠭ ᠬᠡᠳᠦᠨ ᠮᠠᠩᠬᠠᠨ ᠡᠯᠡᠰᠦ ᠵᠢᠯ ᠵᠢᠯ ᠤᠨ ᠰᠠᠯᠬᠢᠨ ᠳᠤ ᠲᠠᠭᠤᠭᠳᠠᠨ | ᠴᠢᠮᠡᠭᠡ ᠦᠭᠡᠶᠢᠷᠡᠭᠰᠡᠭᠡᠷ ᠨᠢᠭᠡ ᠯᠡ ᠮᠡᠳᠡᠬᠦ ᠳᠤ ᠲᠠᠷᠪᠢ᠂ ᠰᠢᠷᠭ᠎ᠠ ᠬᠤᠶᠠᠷ ᠢ ᠵᠤᠯᠭᠠᠭᠤᠯᠳᠠᠭ ᠲᠦᠭᠦᠮ ᠤᠨ ᠪᠦᠯᠢ | ᠵᠠᠭ ᠢ ᠲᠡᠷᠡ ᠴᠢᠭ ᠢᠶᠠᠷ ᠨᠢ ᠵᠠᠯᠬᠢᠵᠤ ᠵᠤᠨ ᠤ ᠨᠠᠷᠠ ᠲᠠᠢ ᠵᠤᠯᠭᠠᠵᠠᠢ᠃ ᠡᠯᠡᠰᠦᠨ ᠤ ᠨᠡᠭᠦᠳᠡᠯ ᠭᠡᠭᠴᠢ ᠲᠡᠭᠷᠢ ᠶᠢ | ᠡᠭᠦᠯᠡ ᠮᠡᠳᠦ ᠪᠠᠷ᠎ᠠ ᠰᠤᠷᠠᠭ ᠦᠭᠡᠢ ᠠᠯᠠᠭ᠎ᠠ ᠪᠤᠯᠳᠠᠭ ᠢ ᠲᠡᠭᠡᠬᠦ ᠳᠤ ᠯᠠ ᠪᠢ ᠮᠡᠳᠡᠵᠦ ᠪᠢᠯᠡ᠃ ᠬᠡᠨ ᠴᠤ | ᠠᠩᠵᠠᠭᠠᠷᠠᠳᠠᠭ ᠦᠭᠡᠢ ᠡᠨᠡ ᠨᠤᠮᠤᠬᠠᠨ ᠡᠯᠡᠰᠦ ᠤᠨ ᠵᠢᠯ ᠤᠨ ᠤᠷᠳᠤ ᠳᠤ ᠶᠡᠭᠡ ᠮᠤᠩᠭᠤᠯ ᠤᠨ ᠴᠤ ᠶᠤᠮ ᠤᠤ᠂ | ᠲᠦᠷᠭᠦᠨ ᠤ ᠬᠤᠩᠭᠤᠷ ᠡᠯᠡᠰᠦᠨ ᠠᠴᠠ ᠢᠵᠢᠯᠢ ᠲᠠᠰᠤᠷᠠᠵᠤ ᠤᠪᠤᠨ ᠴᠤᠪᠤᠭᠰᠠᠭᠠᠷ ᠡᠮᠦᠨ᠎ᠡ ᠵᠦᠭ ᠦᠷᠳᠡᠭᠡᠯᠡᠵᠦ | ᠶᠠᠪᠤᠭ᠎ᠠ ᠨᠢ ᠡᠨᠡ ᠪᠦᠯᠦᠭᠡ᠃ ᠴᠢᠮᠡᠭᠡ ᠦᠭᠡᠢ ᠬᠤᠩᠭᠤᠷ ᠡᠯᠡᠰᠦᠨ ᠲᠤᠮᠳᠠ ᠠᠴᠠ ᠵᠠᠭ ᠤᠨ ᠮᠦᠴᠢᠷ ᠰᠠᠷᠪᠠᠶᠢᠵᠤ ︽ | ᠪᠢ ᠴᠢᠨᠢ ᠵᠠᠭ ᠶᠤᠮ ᠰᠢᠦ᠃ ᠡᠯᠡᠰᠦ ᠲᠠᠢ ᠴᠤ ᠡᠯᠡᠰᠦ ᠦᠭᠡᠢ ᠴᠤ᠂ ᠪᠤᠷᠤᠭ᠎ᠠ ᠲᠠᠢ ᠴᠤ ᠪᠤᠷᠤᠭ᠎ᠠ ᠦᠭᠡᠢ ᠴᠤ | ᠤᠷᠭᠤᠬᠤ ᠪᠠᠨ ᠯᠠ ᠤᠷᠭᠤᠨ᠎ᠠ︾ ᠭᠡᠮᠡᠨ ᠰᠢᠭᠢᠷ᠎ᠡ ᠵᠢᠭᠠᠨ ᠵᠦᠷᠢᠭᠦᠳᠯᠡᠬᠦ ᠮᠡᠳᠦ ᠨᠢᠯᠬ᠎ᠠ ᠨᠤᠭᠤᠭᠠᠨ | ᠰᠢᠯᠮᠤᠤᠰᠤ ᠪᠠᠨ ᠮᠤᠤᠷ ᠤᠨ ᠰᠠᠬᠠᠯ ᠰᠢᠭ᠋ ᠰᠡᠷᠪᠡᠯᠵᠡᠭᠦᠯᠵᠦ᠂ ᠠᠨᠢᠷ ᠦᠭᠡᠢ ᠭᠤᠪᠢ ᠳᠤ ᠠᠮᠢᠰᠬᠤᠯ ᠠᠭᠤᠵᠢᠯᠠᠨᠠ᠃ | ᠡᠯᠡᠰᠦ ᠴᠤ ᠪᠤᠶᠠᠨᠳᠤ ᠡᠨᠡ ᠵᠠᠭ ᠤᠨ ᠬᠠᠶᠠᠭ᠎ᠠ ᠪᠠᠷᠠᠳᠠᠨ ᠵᠤᠨ ᠤ ᠨᠠᠷᠠᠨ ᠳᠤ ᠨᠤᠵᠤᠭᠤᠷᠠᠨ ᠠᠮᠠᠷᠠᠵᠤ ᠪᠠᠶᠢᠬᠤ ᠰᠢᠭ᠋ ᠁ | ᠨᠠᠷᠠ ᠴᠤᠨᠤᠭᠠᠭᠰᠠᠨ ᠭᠤᠪᠢ ᠳᠤ ᠠᠮᠢᠳᠤ ᠠᠮᠢᠳᠠᠨ ᠤ ᠪᠠᠷ᠎ᠠ ᠬᠠᠷᠠᠬᠤ ᠭᠡᠭᠴᠢ ᠶᠠᠭᠤᠳᠠᠢ ᠰᠠᠶᠢᠬᠠᠨ᠃ ᠰᠡᠳᠭᠢᠯ | ᠰᠡᠷᠭᠦᠭᠡᠳ ᠯᠡ ᠢᠷᠡᠨ᠎ᠡ᠃ ᠲᠡᠷᠳᠡᠭᠡ ᠪᠠᠷᠠᠭᠤᠨ ᠰᠠᠶᠢᠷ ᠲᠤ ᠭᠡᠰᠡᠭ ᠲᠡᠮᠡᠭᠡ ᠵᠡᠷᠭᠡᠯᠭᠡᠨ ᠲᠤᠮᠳᠠ ᠪᠦᠷᠦᠯᠵᠡᠵᠦ | ᠲᠤᠷᠤᠯᠵᠠᠨ ᠲᠡᠭᠷᠢ ᠭᠠᠵᠠᠷ ᠤᠨ ᠰᠠᠪᠰᠠᠯᠠᠭᠠ ᠳᠤ ᠪᠠᠭᠳᠠᠵᠤ ᠴᠦᠬᠦᠨᠡ᠃ ᠴᠢᠩᠭᠢᠵᠦ ᠪᠠᠶᠢᠳᠠᠯ᠎ᠠ ᠬᠠᠵᠠᠭᠤᠬᠠᠨ | ᠲᠠᠯ᠎ᠠ ᠠᠴᠠ ᠮᠢᠨᠢ ᠭᠠᠭᠴᠠ ᠬᠠᠯᠳᠠᠷ ᠬᠦᠷᠪᠡᠯ ᠡᠯᠡᠰᠦᠨ ᠲᠡᠭᠡᠭᠦᠷ ᠮᠦᠷ ᠢᠶᠠᠨ ᠵᠢᠷᠡᠶᠢᠯᠭᠡᠵᠦ ᠮᠠᠩᠬᠠᠨ ᠦᠭᠡᠳᠡ | ᠲᠠᠪᠠᠷᠠᠭᠠᠵᠤ ᠭᠠᠷᠤᠯ᠎ᠠ᠃ ᠠᠮᠢᠳᠤ ᠶᠠᠭᠤᠮ᠎ᠠ ᠪᠤᠯᠬᠤᠷ ᠢᠶᠠᠨ ᠡᠯᠡᠰᠦ ᠨᠤᠷᠠᠭᠠᠨ ᠦᠪᠡᠷ ᠢᠶᠠᠨ ᠬᠠᠮᠳᠤ ᠭᠤᠯᠠᠰᠴᠤ | ᠭᠠᠵᠠᠷ ᠬᠤᠷᠤᠭᠠᠬᠤ ᠶᠤᠮ ᠪᠢᠰᠢ᠃ | ᠮᠢᠨᠦ ᠪᠠᠭ᠎ᠠ ᠳᠤ ᠡᠨᠡ ᠡᠯᠡᠰᠦ ᠮᠠᠨ ᠤ ᠪᠤᠷᠤ ᠨᠢᠷᠤᠭᠤᠨ ᠳᠤ ᠪᠠᠶᠢᠯ᠎ᠠ᠃ ᠪᠤᠷᠤ ᠨᠢᠷᠤᠭᠤᠨ ᠤ ᠭᠠᠭᠴᠠ ᠲᠠᠪᠠᠭ᠎ᠠ | ᠪᠤᠯᠬᠤ ᠡᠯᠡᠰᠦᠨ ᠪᠤᠭᠤᠪᠴᠢ ᠲᠡᠭᠡᠷ᠎ᠡ ᠦᠷᠦᠮ᠎ᠡ ᠰᠢᠭ ᠮᠡᠯᠳᠡᠶᠢᠵᠦ ᠪᠠᠶᠢᠳᠠᠭ ᠰᠠᠨ᠃ ᠰᠤᠮᠤ ᠶᠢᠨ ᠨᠠᠭᠠᠳᠤᠮ ᠢᠶᠠᠷ | ᠶᠡᠭᠡ ᠨᠠᠰᠤᠨ ᠤ ᠮᠤᠷᠢᠳ ᠵᠠᠪᠠᠯ ᠲᠡᠷᠡ ᠲᠠᠪᠠᠭ᠎ᠠ ᠶᠢ ᠲᠠᠪᠠᠳᠠᠭ᠂ ᠲᠠᠪᠠᠭ᠋ᠤ ᠳᠠᠭᠠᠨ ᠰᠠᠭᠤᠷᠢ ᠮᠠᠭᠤᠳᠠᠢ ᠬᠡᠳᠦᠨ | ᠬᠡᠤᠬᠡᠳ ᠢ ᠭᠡᠭᠡᠵᠦ᠂ ᠮᠤᠷᠢᠨ ᠠᠴᠠ ᠪᠠᠨ ᠤᠨᠠᠭᠰᠠᠨ ᠵᠢᠭᠠᠯ ᠤᠳ ᠶᠠᠭᠤ ᠴᠤ ᠪᠤᠯᠤᠭ᠎ᠠ ᠦᠭᠡᠢ ᠶᠤᠮ ᠰᠢᠭ᠋ ᠲᠡᠷᠡ | ᠡᠯᠡᠰᠦᠨ ᠲᠡᠭᠡᠷ᠎ᠡ ᠲᠤᠭᠯᠠᠵᠤ ᠰᠠᠭᠤᠳᠠᠭ ᠰᠠᠨ᠃ ᠤᠳᠠᠵᠤ ᠲᠦᠳᠡᠯ ᠦᠭᠡᠢ ᠮᠤᠷᠢ ᠬᠦᠳᠦᠯᠦᠭᠰᠡᠨ ᠠᠬ᠎ᠠ ᠨᠠᠷ | ᠲᠠᠪᠬᠢᠯᠳᠤᠨ ᠢᠷᠡᠵᠦ ᠬᠤᠮᠤᠯ ᠰᠢᠭ᠋ ᠭᠡᠭᠡᠭᠳᠡᠭᠰᠡᠨ ᠲᠡᠳᠡᠨ ᠢ ᠴᠤᠭᠯᠠᠭᠤᠯᠵᠤ ᠪᠤᠴᠠᠨ᠎ᠠ᠃ ᠬᠡᠤᠬᠡᠳ ᠤᠳ ᠦᠪᠡᠷ ᠤᠨ | ᠪᠤᠷᠤᠭᠤ ᠶᠢ ᠪᠤᠭᠤᠪᠴᠢ ᠶᠢᠨ ᠡᠯᠡᠰᠦᠨ ᠳᠤ ᠴᠢᠬᠢᠵᠦ᠂ ᠢᠩᠬᠢᠵᠦ ᠴᠤ ᠬᠤᠷᠳᠤᠯᠠᠵᠤ ᠶᠠᠪᠤᠭᠰᠠᠨ᠂ ᠲᠡᠭᠡᠵᠦ ᠴᠤ | ᠲᠡᠭᠡᠭᠦᠷ ᠲᠠᠪᠬᠢᠭᠰᠠᠨ ᠭᠡᠵᠦ ᠠᠮᠠ ᠠᠮᠠᠨ ᠳᠠᠭᠠᠨ ᠬᠤᠳᠠᠯ ᠬᠦᠭᠡᠷᠴᠡᠭᠯᠡᠵᠦ᠂ ᠬᠤᠶᠢᠳᠤᠨ ᠵᠢᠯ ᠤᠨ ᠨᠠᠭᠠᠳᠤᠮ ᠢᠶᠠᠷ | ᠯᠠ ᠭᠠᠭᠴᠠ ᠰᠠᠶᠢᠨ ᠤᠷᠤᠯᠳᠤᠨ᠎ᠠ ᠳ᠋ᠠ ᠭᠡᠯᠴᠡᠨ ᠭᠡᠮ ᠢᠶᠠᠨ ᠴᠠᠶᠢᠷᠠᠭᠤᠯᠤᠨ᠎ᠠ᠃ | ᠮᠤᠷᠢᠨ ᠤ ᠲᠤᠩ ᠲᠠᠢ ᠪᠤᠷᠤᠬᠦᠦ ᠠᠵᠢᠶ᠎ᠠ ᠭᠤᠷᠪᠠᠨ ᠠᠳᠠ ᠪᠠᠷ ᠵᠤᠳᠤᠵᠤ ᠠᠪᠤᠭᠰᠠᠨ ᠬᠤᠯᠤᠰᠤᠨ | ᠬᠤᠰᠤᠭᠤᠷ ᠤᠨ ᠢᠶᠠᠨ ᠭᠬᠢᠷ ᠬᠦᠯᠦᠰᠦ ᠲᠠᠢ ᠬᠠᠳᠠᠭ ᠢᠶᠠᠷ ᠪᠠᠶᠢᠨ ᠪᠠᠶᠢᠨ ᠤᠷᠤᠯᠳᠤᠨ ᠪᠠᠶᠠᠷᠬᠠᠵᠤ ︽ᠡᠨᠡ ᠡᠯᠡᠰᠦ ᠶᠢ | ᠵᠠᠶᠢᠯᠠᠭᠤᠯᠤᠭᠠᠳ ᠬᠠᠶᠠᠴᠢᠬᠠᠳᠠᠭ ᠪᠤᠯᠤᠭᠠᠰᠠᠢ᠃ ᠰᠤᠮᠤ ᠶᠢᠨ ᠲᠦᠪ ᠤᠨ ᠬᠢᠨ ᠭᠠᠷ ᠨᠡᠶᠢᠯᠡᠪᠡᠯ ᠶᠠᠭᠤᠬᠠᠨ ᠪᠠᠶᠢᠬᠤ | ᠪᠤᠢ᠃ ᠲᠡᠭᠡᠪᠡᠯ ᠮᠢᠨᠦ ᠦᠨᠳᠦᠷ ᠬᠤᠯᠠ ᠰᠤᠮᠤ ᠰᠢᠭ᠋ ᠯᠠ ᠨᠢᠰᠤᠨ᠎ᠠ ᠳ᠋ᠡ︾ ᠭᠡᠵᠦ ᠡᠩᠭᠡᠷ ᠢᠶᠠᠨ ᠵᠠᠳᠠᠭᠠᠶᠢᠢᠯᠠᠨ᠂ | ᠡᠷᠡᠭᠡᠢ ᠮᠦᠩᠬᠦᠨ ᠲᠤᠪᠴᠢ ᠨᠤᠭᠤᠳ ᠢᠶᠠᠨ ᠱᠠᠭᠰᠢᠷᠠᠭᠤᠯᠵᠤ ᠠᠳᠬᠤᠨ᠎ᠠ᠃ ᠡᠯᠡᠰᠦ ᠵᠠᠶᠢᠯᠠᠭᠤᠯᠬᠤ ᠡᠨᠡ | ᠰᠠᠨᠠᠭ᠎ᠠ ᠪᠠᠨ ᠰᠤᠮᠤ ᠶᠢᠨ ᠲᠠᠷᠤᠭ᠎ᠠ ᠳᠠᠭᠠᠨ ᠴᠤᠬᠤᠶᠢᠢᠯᠭᠠᠭᠠᠳ ᠠᠪᠤᠭᠰᠠᠨ᠃ ᠰᠤᠮᠤ ᠶᠢᠨ ᠲᠠᠷᠤᠭ᠎ᠠ ᠮᠠᠨᠢ ᠪᠤᠷᠬᠠᠨ | ᠰᠢᠭ᠋ ᠬᠦᠮᠦᠨ ᠪᠤᠯᠬᠤᠷ ᠢᠨᠢᠶᠡᠭᠡᠳ ᠯᠠ ᠰᠠᠭᠤᠵᠤ ᠪᠠᠶᠢᠭᠰᠠᠨ᠃ ᠪᠤᠷᠤᠬᠦᠦ ᠠᠵᠢᠶ᠎ᠠ ᠶᠢᠨ ᠲᠡᠷᠡ ᠶᠠᠷᠢᠶ᠎ᠠ ᠮᠦᠨ ᠯᠡ | ᠠᠮᠠ ᠲᠠᠮᠵᠢᠭᠰᠠᠨ ᠶᠠᠪᠠᠭᠠᠨ ᠵᠤᠭ᠎ᠠ ᠪᠤᠯᠵᠤ ᠠᠮᠢᠳᠠᠨ ᠬᠦᠮᠦᠨ ᠤ ᠡᠯᠡᠭ ᠲᠤᠭᠤᠬᠢ ᠦᠭᠳᠡᠭᠡᠨ ︽ᠦᠨᠦ ᠪᠤᠷᠤᠬᠦᠦ | ᠴᠢᠨᠢ ᠪᠤᠭᠤᠪᠴᠢ ᠶᠢᠨ ᠡᠯᠡᠰᠦ ᠶᠢ ᠵᠠᠶᠢᠯᠠᠭᠤᠯᠵᠤ ᠪᠢᠳᠡᠨ ᠳᠡᠭᠡᠨ ᠪᠤᠶᠠᠨ ᠪᠤᠯᠬᠤ ᠶᠤᠮ ᠪᠠᠶᠢᠬᠤ ᠡ︾ ᠭᠡᠯᠴᠡᠵᠦ | ᠭᠡᠰᠡᠭ ᠲᠡᠭᠡᠨ ᠱᠤᠤᠭᠢᠯ᠎ᠠ᠃ | ᠵᠢᠯ ᠰᠠᠷ᠎ᠠ ᠤᠯᠠᠷᠢᠪᠠᠴᠤ ᠨᠠᠭᠠᠳᠤᠮ ᠪᠤᠯᠳᠠᠭ ᠢᠶᠠᠷ ᠢᠶᠠᠨ ᠪᠤᠯᠵᠤ᠂ ᠮᠤᠷᠢ ᠤᠷᠤᠯᠳᠤᠳᠠᠭ ᠢᠶᠠᠷ ᠢᠶᠠᠨ | ᠤᠷᠤᠯᠳᠤᠵᠤ᠂ ᠡᠯᠡᠰᠦ ᠪᠠᠶᠢᠳᠠᠭ ᠢᠶᠠᠷ ᠢᠶᠠᠨ ᠪᠠᠶᠢᠬᠰᠠᠭᠠᠷ ᠯᠠ ᠪᠠᠶᠢᠯ᠎ᠠ᠃ ᠬᠡᠯᠡ ᠠᠮᠠ ᠬᠤᠷᠤᠨ ᠵᠠᠷᠢᠮ ᠨᠢ ︽ | ᠰᠤᠮᠤ ᠶᠢᠨ ᠢᠶᠠᠨ ᠲᠦᠪ ᠤᠨ ᠬᠤᠭ ᠢ ᠴᠡᠪᠡᠷᠯᠡᠵᠦ ᠴᠢᠳᠠᠬᠤ ᠦᠭᠡᠢ ᠬᠡᠪᠳᠡᠵᠦ ᠪᠤᠭᠤᠪᠴᠢ ᠶᠢᠨ ᠡᠯᠡᠰᠦ ᠶᠢ | ᠵᠠᠶᠢᠯᠠᠭᠤᠯᠤᠨ᠎ᠠ ᠭᠡᠳᠡᠭ ᠠᠵᠢᠶ᠎ᠠ ᠲᠠᠷᠤᠭ᠎ᠠ ᠬᠤᠶᠠᠷ ᠤᠨ ᠨᠠᠰᠤᠨ ᠤ ᠦᠯᠢᠭᠡᠷ︾ ᠭᠡᠮᠡᠨ ᠴᠡᠴᠡᠷᠭᠡᠵᠦ᠂ ᠲᠡᠷᠡ ᠶᠠᠷᠢᠶ᠎ᠠ | ᠲᠡᠭᠡᠰᠭᠢᠭᠡᠳ ᠠᠶᠠᠳᠠᠯ᠎ᠠ᠃ ᠨᠢᠭᠡ ᠯᠡ ᠮᠡᠳᠡᠬᠦ ᠳᠤ ᠮᠦᠨᠦᠬᠢ ᠲᠠᠪᠠᠭ᠎ᠠ ᠲᠡᠩᠨᠡᠭᠰᠡᠨ ᠲᠤᠬᠤᠮ ᠡᠯᠡᠰᠦ ᠤᠷᠤᠭᠰᠢ ᠪᠠᠨ | ᠬᠤᠰᠢᠭᠤᠷᠠᠵᠤ᠂ ᠠᠷᠤ ᠠᠴᠠ ᠪᠠᠨ ᠰᠢᠭᠤᠭᠳᠠᠭᠰᠠᠭᠠᠷ ᠪᠤᠭᠤᠪᠴᠢ ᠪᠠᠨ ᠲᠠᠪᠠᠴᠢᠬᠠᠭᠰᠠᠨ ᠪᠠᠶᠢᠭᠰᠠᠨ᠃ ᠲᠡᠭᠦᠨ ᠢ | ᠬᠠᠷᠠᠭᠰᠠᠨ ᠬᠠᠰᠢᠷ ᠵᠠᠷᠢᠮ ᠨᠢ ︽ᠡᠯᠡᠰᠦ ᠨᠡᠭᠦᠭᠡᠳ ᠯᠡ ᠨᠢᠭᠡ ᠯᠡ ᠪᠢᠰᠢ ᠳ᠋ᠡ᠃ ᠡᠨᠡ ᠪᠠᠶᠠᠨ ᠠᠯᠳᠠᠢ ᠶᠢᠨ ᠵᠠᠩ | ᠬᠤᠪᠢᠷᠠᠵᠤ ᠪᠠᠶᠢᠨ᠎ᠠ᠃ ᠬᠠᠪᠤᠷ ᠨᠠᠮᠤᠷ ᠤᠨ ᠰᠢᠭᠤᠷᠭ᠎ᠠ ᠨᠢ ᠴᠤ ᠲᠡᠶᠢᠯᠳᠡᠬᠦ ᠦᠭᠡᠢ ᠠᠪᠴᠤ ᠰᠢᠳᠡᠴᠢᠬᠦ ᠭᠡᠳ︾ | ᠭᠡᠯᠴᠡᠨ ᠶᠡᠭᠡ ᠯᠡ ᠬᠠᠰᠢᠷ ᠰᠠᠨᠠᠭ᠎ᠠ ᠭᠠᠷᠭᠠᠨ᠎ᠠ᠃ | ᠬᠦᠮᠦᠰ ᠶᠠᠷᠢᠵᠤ᠂ ᠠᠵᠤ ᠲᠦᠷᠦᠵᠦ᠂ ᠴᠠᠭ ᠤᠨ ᠲᠦᠷᠪᠡᠨ ᠤᠯᠠᠷᠢᠯ ᠢ ᠡᠷᠭᠢᠯᠳᠦᠭᠦᠯᠵᠦ ᠪᠠᠶᠢᠬᠤ ᠳᠤ ᠡᠯᠡᠰᠦ | ᠨᠡᠭᠦᠳᠡᠭ ᠢᠶᠠᠷ ᠢᠶᠠᠨ ᠨᠡᠭᠦᠵᠦ ᠰᠢᠪᠠᠭᠤᠳ ᠪᠤᠴᠠᠳᠠᠭ ᠢᠶᠠᠷ ᠢᠶᠠᠨ ᠪᠤᠴᠠᠵᠤ᠂ ᠢᠷᠡᠳᠡᠭ ᠢᠶᠠᠷ ᠢᠶᠠᠨ ᠢᠷᠡᠵᠦ᠂ | ᠠᠮᠢᠳᠤᠷᠠᠯ ᠴᠠᠭ ᠬᠤᠭᠤᠴᠠᠭ᠎ᠠ ᠪᠠᠨ ᠲᠠᠭᠠᠨ ᠤᠷᠤᠰᠴᠤ ᠪᠠᠶᠢᠳᠠᠭ ᠠᠵᠢ᠃ | ᠶᠡᠬᠡᠰ ᠤᠨ ᠬᠤᠭᠤᠯᠠᠢ ᠶᠢᠨ ᠲᠤᠭᠤᠷᠴᠤᠭ ᠬᠡᠳᠦᠨ ᠮᠠᠩᠬ᠎ᠠ ᠡᠶᠢᠨ ᠨᠤᠳᠤᠭ ᠰᠡᠯᠭᠦᠵᠦ ᠪᠠᠶᠢᠭ᠎ᠠ ᠶᠢ ᠡᠨᠡ ᠬᠢᠷᠢ | ᠭᠡᠨ ᠴᠤ ᠮᠡᠳᠡᠬᠦ ᠦᠭᠡᠢ ᠲᠦᠯᠡᠶᠢᠷᠡᠵᠦ ᠰᠠᠭᠤᠳᠠᠯ᠎ᠠ ᠮᠦᠨᠦᠬᠢ ᠠᠳᠠ ᠱᠤᠤ ᠪᠤᠯᠵᠤ ᠪᠠᠶᠢᠭᠰᠠ ᠡᠯᠡᠰᠦ ᠨᠢ ᠠᠯᠢ | ᠬᠡᠳᠦ᠋ᠢᠨ ᠤ ᠭᠤᠤᠯ ᠤᠰᠤ ᠰᠢᠭ᠋ ᠤᠷᠤᠰᠤᠨ᠂ ᠬᠦᠮᠦᠰ ᠬᠠᠷᠢᠨ ᠴᠤ ᠡᠯᠡᠰᠦ ᠪᠠᠨ ᠦᠭᠡᠶᠢᠯᠡᠬᠦ ᠪᠤᠯᠪᠠ᠃ ︽ | ᠪᠤᠭᠤᠪᠴᠢ ᠶᠢᠨ ᠬᠠᠷ᠎ᠠ ᠬᠠᠶᠢᠷᠭᠤ ᠮᠤᠷᠢᠨ ᠤ ᠬᠦᠯ ᠠᠪᠴᠢᠬᠠᠯ᠎ᠠ︾ ᠭᠡᠵᠦ ᠦᠭᠡᠯᠡᠬᠦ ᠬᠦᠮᠦᠨ ᠴᠤ ᠤᠯᠠᠰᠢᠷᠠᠯ᠎ᠠ᠃ | ᠪᠠᠶᠢᠭ᠎ᠠ ᠶᠠᠭᠤᠮ᠎ᠠ ᠢᠯᠡᠭᠦᠳᠡᠵᠦ᠂ ᠪᠠᠶᠢᠬᠤ ᠦᠭᠡᠢ ᠶᠠᠭᠤᠮ᠎ᠠ ᠦᠭᠡᠶᠢᠯᠡᠭᠳᠡᠳᠡᠭ ᠬᠤᠷᠸ᠎ᠠ ᠭᠡᠳᠡᠭ ᠡᠨᠡ ᠳ᠋ᠡ᠃ | ᠲᠦᠭᠦᠮ ᠤᠨ ᠬᠡᠳᠦᠨ ᠵᠠᠭ ᠢ ᠮᠠᠩᠭᠤᠰ ᠰᠢᠭ᠋ ᠵᠠᠯᠬᠢᠭᠰᠠᠨ ᠡᠯᠡᠰᠦᠨ ᠮᠠᠩᠬᠠᠨ ᠵᠠᠭᠤᠨ ᠵᠠᠭᠤᠨ ᠢᠶᠠᠷ ᠲᠡᠰᠪᠡ | ᠭᠡᠵᠦ ᠤᠤ᠂ ᠨᠡᠭᠦᠳᠡᠯ ᠤᠨ ᠰᠢᠪᠠᠭᠤᠳ ᠰᠢᠭ᠋ ᠲᠦᠭᠦᠴᠡᠭᠡᠯᠡᠨ ᠴᠤᠪᠤᠷᠠᠭᠰᠠᠭᠠᠷ ᠨᠤᠳᠤᠭ ᠤᠨ ᠲᠡᠭᠡᠰᠦ ᠠᠯᠬᠤᠨ | ᠬᠦᠮᠦᠨ ᠤ ᠭᠠᠵᠠᠷ ᠬᠦᠷᠡᠩᠳᠦᠵᠦ ᠪᠠᠶᠢᠬᠤ ᠶᠢ ᠬᠡᠨ ᠮᠡᠳᠡᠨ᠎ᠡ᠃ | ᠪᠤᠷᠤᠬᠦᠦ ᠠᠵᠢᠶ᠎ᠠ ᠮᠠᠨᠢ ᠤᠬᠠᠭᠠᠨ ᠲᠤᠬᠢ ᠲᠡᠭᠰᠢᠷᠡᠭᠰᠡᠨ ᠬᠤᠶᠢᠨ᠎ᠠ ᠪᠠᠨ ᠪᠠᠭ᠎ᠠ ᠵᠠᠯᠠᠭᠤ ᠳᠠᠭᠠᠨ ᠬᠡᠯᠡᠵᠦ | ᠪᠠᠶᠢᠭᠰᠠᠨ ᠦᠭᠡᠨ ᠳᠡᠭᠡᠨ ᠪᠢᠳᠡᠭᠦᠬᠡᠨ ᠬᠠᠷᠠᠭᠤᠰᠴᠤ ︽ᠦᠭᠡᠢ ᠡᠨᠡ ᠤᠯᠠᠨ ᠴᠢᠨᠢ ᠡᠯᠡᠰᠦ ᠠᠶᠤᠯᠳᠠᠢ᠂ | ᠴᠦᠯᠵᠢᠭᠦᠯᠳᠡᠭ ᠪᠠᠷᠢᠳᠠᠭ ᠭᠡᠳ ᠯᠡ ᠪᠠᠶᠢᠬᠤ ᠶᠤᠮ᠃ ᠲᠡᠶᠢᠮᠦ ᠴᠤ ᠶᠤᠮ ᠤᠤ᠂ ᠦᠭᠡᠢ ᠴᠤ ᠶᠤᠮ ᠤᠤ ᠭᠡᠨ | ᠮᠡᠳᠡᠯ᠎ᠡ᠃ ᠡᠯᠡᠰᠦ ᠨᠡᠭᠦᠴᠢᠭᠡᠬᠦ ᠪᠠᠷ ᠨᠤᠳᠤᠭ ᠡᠵᠡᠭᠦ᠋ᠢᠷᠡᠴᠢᠭᠡᠭᠰᠡᠨ ᠰᠢᠭ ᠡᠪ ᠦᠭᠡᠢ ᠵᠤᠯᠢᠭ ᠪᠠᠶᠢᠨ᠎ᠠ ᠰᠢᠦ︾ ᠭᠡᠵᠦ | ᠢᠷᠡᠭᠡᠳ ᠯᠡ ᠦᠭᠡᠯᠡᠨ᠎ᠡ᠃ ᠶᠠᠭᠤ ᠠᠳᠤᠭᠠᠢ ᠴᠤ ᠶᠡᠬᠡᠰ ᠤᠨ ᠬᠤᠭᠤᠯᠠᠢ ᠶᠢᠨ ᠬᠦᠳᠦᠯᠦᠯᠴᠡᠭᠡ ᠮᠠᠩᠬᠠᠨ ᠡᠯᠡᠰᠦ | ᠬᠡᠳᠦᠨ ᠵᠢᠯ ᠳᠡᠭᠡᠨ ᠯᠡ ᠭᠡᠷᠡᠭ ᠲᠠᠢ ᠭᠡᠷᠡᠭ ᠦᠭᠡᠢ ᠪᠠᠨ ᠲᠠᠭᠤᠳᠠᠭᠤᠯᠵᠤ ᠨᠡᠭᠦᠨ ᠨᠡᠭᠦᠭᠰᠡᠭᠡᠷ ᠲᠦᠭᠦᠮ ᠬᠦᠷᠴᠡᠢ᠃ | ᠲᠦᠭᠦᠮ ᠠᠴᠠ ᠴᠠᠭᠠᠰᠢ ᠪᠠᠨ ᠭᠠᠵᠠᠷ ᠭᠡᠵᠦ ᠪᠠᠰᠠ ᠪᠤᠢ᠃ | ᠶᠡᠭᠡ ᠡᠯᠡᠰᠦᠨ ᠤ ᠵᠠᠬ᠎ᠠ ᠳᠤ ᠪᠢ ᠡᠨᠡ ᠲᠤᠷᠠᠳᠬᠠᠯ ᠢ ᠪᠤᠳᠤᠯ ᠳᠠᠭᠠᠨ ᠬᠡᠯᠬᠢᠵᠦ᠂ ᠵᠤᠯᠠᠢ ᠳᠠᠭᠠᠨ ᠴᠠᠰᠤ | ᠴᠠᠯᠮᠠᠭᠠᠯᠠᠭᠰᠠᠨ ᠬᠦᠬᠡ ᠠᠭᠤᠯᠠᠰ ᠢᠶᠠᠨ ᠬᠠᠷᠠᠵᠤ ᠰᠠᠭᠤᠯ᠎ᠠ᠃ ᠲᠦᠷᠦᠭᠦᠨ ᠠᠴᠠ ᠬᠤᠶᠢᠰᠢ ᠰᠡᠷᠢᠭᠦᠨ ᠰᠠᠪᠰᠢᠶᠠ | ᠮᠦᠷᠦᠭᠡᠳᠦᠨ ᠡᠯᠡᠰᠦᠨ ᠤ ᠨᠤᠷᠠᠯ ᠳᠤ ᠠᠮᠢ ᠳ᠋ᠦᠢᠨ ᠲᠡᠭᠡᠭᠰᠢ ᠪᠠᠨ ᠮᠠᠴᠤᠬᠤ ᠬᠤᠷᠤᠭᠤᠨ ᠴᠢᠨᠡᠭᠡ ᠬᠦᠷᠪᠡᠯ ᠲᠠᠮᠢᠷ ᠨᠢ | ᠲᠠᠰᠤᠷᠠᠪᠠ ᠪᠤᠯᠤᠯᠳᠠᠢ ᠬᠦᠯ ᠲᠤᠭᠤᠤᠷ ᠵᠢᠷᠠᠶᠢᠯᠭᠡᠵᠦ᠂ ᠬᠤᠮᠤᠯ ᠤᠨ ᠴᠢᠨᠡᠭᠡ ᠴᠢᠯᠠᠭᠤᠨ ᠲᠡᠭᠡᠷ᠎ᠡ ᠡᠷᠭᠢᠮᠰᠠᠨ | ᠰᠠᠭᠤᠵᠤ ᠦᠪᠡᠷ ᠲᠡᠭᠡᠨ ᠲᠤᠮᠤᠳᠠᠭᠰᠠᠨ ᠠᠮᠠ ᠪᠠᠨ ᠪᠠᠶᠢᠳᠠᠭ ᠢᠶᠠᠷ ᠨᠢ ᠠᠩᠭᠠᠶᠢᠢᠨ ᠨᠢᠮᠬᠡᠨ ᠭᠦᠵᠡᠭᠡ ᠪᠠᠨ | ᠪᠠᠯᠬᠠᠯᠵᠠᠭᠤᠯᠵᠤ ᠵᠢᠷᠭᠠᠨ᠎ᠠ᠃ ︽ᠠᠮᠢᠳᠤ ᠠᠮᠢᠳᠠᠨ ᠵᠢᠷᠭᠠᠵᠤ ᠪᠠᠶᠢᠪᠠᠯ ᠤᠷᠴᠢᠯᠠᠩ ᠦᠪᠡᠷ ᠢᠶᠠᠨ ᠵᠢᠷᠭᠠᠳᠠᠭ︾ | ᠭᠡᠰᠡᠨ ᠠᠯᠳᠠᠭᠤᠯ ᠦᠭᠡ ᠶᠢ ᠪᠢ ᠬᠠᠮᠢᠭ᠎ᠠ ᠨᠢᠭᠡᠨᠳᠡ ᠰᠤᠨᠤᠰᠤᠭᠰᠠᠨ ᠪᠠᠶᠢᠬᠤ ᠶᠤᠮ᠃ ᠢᠩᠬᠢᠬᠦ ᠳᠤ ᠡᠨᠡ | ᠤᠷᠴᠢᠯᠠᠩ ᠳᠤ ᠢᠯᠡᠬᠦᠦ ᠶᠠᠭᠤᠮ᠎ᠠ ᠭᠡᠵᠦ ᠪᠠᠶᠢᠨ᠎ᠠ ᠤᠤ᠂ ᠪᠤᠳᠤᠪᠠᠯ ᠦᠭᠡᠢ ᠪᠠᠶᠢᠬᠤ ᠡ᠃ ᠪᠢᠳᠡ ᠭᠡᠳᠡᠭ ᠭᠠᠵᠠᠷ | ᠲᠡᠯᠡᠭᠡᠢ ᠳᠤ ᠬᠦᠮᠦᠨ ᠯᠡ ᠪᠠᠶᠢᠪᠠᠯ ᠪᠤᠰᠤᠳ ᠨᠢ ᠬᠠᠮᠢᠶ᠎ᠠ ᠦᠭᠡᠢ ᠮᠡᠳᠦ ᠰᠠᠨᠠᠬᠤ ᠨᠢ ᠪᠠᠰᠠ ᠯᠠ ᠤᠬᠠᠭᠠᠨ | ᠴᠦᠯᠬᠦ ᠶᠢᠨ ᠰᠢᠨᠵᠢ ᠭᠡᠯᠳᠡᠢ᠃ | ᠶᠡᠭᠡ ᠭᠤᠪᠢ ᠶᠢᠨ ᠨᠠᠷᠠᠨ ᠲᠤᠤᠷ᠎ᠠ ᠲᠡᠮᠡᠭᠡ ᠮᠠᠯ ᠲᠤᠷᠤᠯᠵᠠᠵᠤ᠂ ᠬᠤᠨᠢᠨ ᠵᠡᠷᠭᠡᠯᠭᠡ ᠮᠢᠷᠠᠯᠵᠠᠭᠰᠠᠨ ᠡᠨᠡ ᠠᠨᠢᠷ | ᠦᠭᠡᠢ ᠮᠦᠴᠡ ᠳᠤ ᠴᠤ ᠡᠯᠡᠰᠦ ᠨᠡᠭᠦᠵᠦ ᠯᠡ ᠪᠠᠶᠢᠭ᠎ᠠ ᠳ᠋ᠠ ᠭᠡᠬᠦ ᠠᠴᠠ ᠰᠡᠳᠭᠢᠯ ᠭᠡᠭᠡᠯᠵᠡᠬᠦ ᠴᠤ ᠰᠢᠭ᠂ | ᠴᠠᠭᠠᠨ᠎ᠠ ᠪᠠᠨ ᠯᠠ ᠤᠶᠢᠢᠤᠬᠠᠷ ᠲᠠᠢ᠃ | ᠤᠷᠬᠢᠭᠠᠳ ᠨᠡᠭᠦᠭᠰᠡᠨ ᠰᠢᠪᠠᠭᠤᠳ ᠲᠠᠯᠢ ᠵᠢᠭᠦᠷ ᠢᠶᠠᠨ ᠴᠤᠴᠠᠭᠠᠨ ᠡᠷᠭᠢᠭᠡᠳ ᠢᠷᠡᠳᠡᠭ ᠪᠤᠯ ᠭᠠᠵᠠᠷ | ᠰᠢᠷᠤᠢ ᠶᠢᠨ ᠮᠢᠨᠢ ᠠᠯᠳᠠᠨ ᠦᠷᠡᠳᠡᠰᠦ ᠡᠨᠡ ᠮᠠᠩᠬᠠᠨ ᠬᠤᠩᠭᠤᠷ ᠡᠯᠡᠰᠦ ᠴᠠᠭᠠᠰᠢ ᠪᠠᠨ ᠯᠠ ᠶᠠᠪᠤᠨ᠎ᠠ ᠤᠤ ᠭᠡᠬᠦ ᠠᠴᠠ | ᠨᠠᠭᠠᠰᠢ ᠪᠠᠨ ᠴᠤᠪᠤᠬᠤ ᠦᠭᠡᠢ᠃ | ᠲᠡᠭᠷᠢ ᠶᠢᠨ ᠲᠤᠤᠷ᠎ᠠ ᠠᠮᠢᠳᠤᠷᠠᠵᠤ ᠲᠡᠭᠷᠢ ᠶᠢᠨ ᠢᠶᠠᠨ ᠲᠤᠤᠷ᠎ᠠ ᠲᠡᠭᠦᠰᠳᠡᠭ ᠨᠢ ᠬᠦᠮᠦᠨ ᠤ ᠬᠤᠷᠸ᠎ᠠ ᠶᠢᠨ ᠵᠢᠮ᠎ᠡ | ᠭᠡᠪᠡᠯ ᠪᠢ ᠪᠢᠰᠢ ᠡᠯᠡᠰᠦ ᠦᠯᠡᠳᠡᠨ᠎ᠡ᠃ ᠨᠡᠭᠦᠭᠰᠡᠨ ᠴᠤ ᠰᠠᠭᠤᠭᠰᠠᠨ ᠴᠤ ᠦᠯᠡᠳᠡᠨ᠎ᠡ᠃ | ᠤᠭᠠᠯᠵᠠᠨ ᠬᠡ ᠲᠠᠢ ᠡᠯᠡᠰᠦ ᠮᠢᠨᠢ ᠤᠤᠯ ᠠᠯᠳᠠᠢ ᠳᠠᠭᠠᠨ ᠯᠠ ᠦᠯᠡᠳᠡᠵᠦ ᠬᠠᠶᠢᠷᠠᠯᠠᠭᠠᠷᠠᠢ᠃ ᠤᠷᠴᠢᠯᠠᠩ ᠳᠤ | ᠢᠯᠡᠭᠦᠦ ᠶᠠᠭᠤᠮ᠎ᠠ ᠪᠠᠶᠢᠳᠠᠭ ᠦᠭᠡᠢ᠂ ᠲᠡᠭᠡᠪᠡᠯ ᠮᠠᠨ ᠤ ᠠᠯᠳᠠᠢ ᠳᠤ ᠴᠤ ᠢᠯᠡᠭᠦᠦ ᠶᠠᠭᠤᠮ᠎ᠠ ᠦᠭᠡᠢ᠃ | 1998 ᠤᠨ | ᠵᠣᠬᠢᠶᠠᠭᠴᠢ᠄ ︹ ᠮᠤᠩᠭᠤᠯ ᠤᠯᠤᠰ ︺ ᠰ᠊ · ᠫᠦᠷᠪᠦ | | | | | | | | | | | ᠁ |