ᠡᠯᠴᠢᠨ ᠢᠶᠠᠷ ᠠᠩᠬ᠎ᠠ ᠶᠢᠤ ᠵᠧᠦ ᠳᠤᠷ ᠬᠦᠷᠴᠦ ᠲᠡᠬᠢᠨ ᠲᠤᠮᠳᠠᠳᠤ ᠨᠡᠶᠢᠰᠯᠡᠯ ᠳᠤᠷ ᠬᠦᠷᠴᠦ᠂ ᠲᠡᠬᠢᠨ | ᠲᠡᠭᠡᠳᠦ ᠨᠡᠶᠢᠰᠯᠡᠯ ᠪᠣᠶᠤ ᠰᠢ ᠯᠢᠩ ᠳ᠋ᠢᠶᠠᠨ ᠪᠢᠯᠬᠠᠮᠠᠯ᠂ ᠪᠧᠢ ᠠᠨ ᠵᠧᠦ᠂ ᠲᠠᠨ ᠱᠠᠨ ᠠᠭᠤᠯᠠ᠂ ᠴᠠᠩ ᠫᠦᠸᠧ | ᠨᠠᠭᠤᠷ ᠠᠴᠠ ᠮᠣᠯᠳᠤᠰᠢ ᠬᠠᠭᠠᠯᠭᠠᠨ ᠤ ᠬᠠᠪᠴᠢᠯ ᠬᠠᠳᠠᠨ ᠤ ᠲᠤᠮᠳᠠᠭᠤᠷᠬᠢ ᠨᠢᠭᠡᠯᠬᠡᠨ ᠲᠡᠷᠭᠡ ᠶᠠᠪᠤᠵᠤ ᠪᠠᠭᠳᠠᠬᠤ | ᠨᠠᠷᠢᠬᠠᠨ ᠵᠡᠮ ᠢᠶᠠᠷ ᠵᠠᠮᠨᠠᠬᠤ ᠪᠦᠯᠦᠭᠡ᠃ ᠬᠠᠭᠠᠯᠭᠠᠨ ᠤ ᠬᠤᠶᠢᠨ᠎ᠠ ᠭᠠᠷᠬᠤᠢ ᠳᠤᠷ ᠲᠡᠭᠡᠰᠦᠨ ᠢᠶᠠᠷ ᠬᠤᠯᠪᠤᠨ | ᠲᠡᠯᠢᠭᠰᠡᠨ ᠨᠣᠮᠣ ᠪᠦᠬᠦᠢ ᠭᠠᠵᠠᠷ ᠪᠣᠯᠵᠤᠬᠤᠢ᠂ ᠡᠨᠡ ᠬᠡᠮᠡᠪᠡᠰᠦ ᠹᠠᠨ ᠶᠠᠩ ᠤᠨ ᠭᠢᠳᠠᠨ ᠢ ᠰᠡᠷᠭᠡᠶᠢᠯᠡᠬᠦ ᠤᠷᠤᠨ | ᠪᠣᠯᠬᠤ ᠪᠥᠭᠡᠳ ᠲᠦᠢᠯ ᠤᠨ ᠢᠪᠴᠤᠤ ᠴᠢᠬᠤᠯ ᠪᠡᠷᠬᠡ ᠪᠠᠷᠳᠠᠭ᠎ᠠ ᠲᠠᠢ ᠭᠠᠵᠠᠷ ᠪᠣᠶᠤ᠃ ᠪᠢᠳᠡ ᠶᠢᠤ ᠵᠧᠦ ᠶᠢᠨ | ᠵᠡᠭᠦᠨ ᠳᠤᠷ ᠬᠤᠨᠤᠭᠯᠠᠪᠠᠢ᠃ ᠫᠢᠩ ᠵᠧᠦ ᠶᠢᠨ ᠵᠠᠮ ᠲᠡᠭᠰᠢᠬᠡᠨ᠂ ᠬᠢᠯᠢ ᠬᠢᠵᠠᠭᠠᠷ ᠢ ᠬᠠᠯᠳᠠᠬᠤᠢ ᠳᠤᠷ | ᠤᠯᠠᠩᠬᠢ ᠳᠤᠷ ᠢᠶᠠᠨ ᠡᠭᠦᠪᠡᠷ ᠦᠩᠭᠡᠷᠡᠬᠦ ᠪᠣᠶᠤ᠃ ᠲᠠᠬᠢᠨ ᠳ᠋ᠧ ᠱᠧᠩ ᠯᠢᠩ ᠳᠠᠪᠠᠭᠠᠨ ᠤ ᠠᠷᠪᠠᠨ ᠬᠡᠳᠦᠨ | ᠲᠠᠪᠬᠤᠷᠯᠢᠭ ᠭᠦᠨ ᠰᠧ ᠰᠢᠶᠠᠩ ᠯᠢᠩ ᠵᠢᠯᠠᠭᠠᠨ ᠢ ᠦᠩᠭᠡᠷᠡᠨ ᠨᠠᠶᠠᠨ ᠭᠠᠵᠠᠷ ᠵᠠᠮᠨᠠᠪᠠᠰᠤ ᠰᠢᠨ ᠭᠤᠧᠠᠨ | ᠬᠦᠷᠢᠶᠡᠨ ᠳᠤᠷ ᠬᠦᠷᠴᠦᠬᠦᠢ᠂ ᠳ᠋ᠢᠶᠣᠣ ᠺᠧ ᠯᠢᠩ ᠳᠠᠪᠠᠭᠠᠨ ᠫᠢᠶᠠᠨ ᠴᠢᠶᠠᠩ ᠯᠢᠩ ᠳᠠᠪᠠᠭᠠᠨ ᠢ ᠦᠩᠭᠡᠷᠡᠨ ᠲᠦᠴᠢᠨ | ᠭᠠᠵᠠᠷ ᠵᠠᠮᠨᠠᠪᠠᠰᠤ ᠬᠡᠪᠳᠡᠭᠡ ᠪᠣᠷᠬᠠᠨ ᠤ ᠬᠦᠷᠢᠶᠡᠨ ᠳᠤᠷ ᠲᠣᠯᠣᠮᠣᠢ᠃ ᠡᠨᠡ ᠠᠭᠤᠯᠠᠨ ᠳᠤᠷ ᠱᠠᠭᠵᠠᠮᠤᠨᠢ ᠪᠣᠷᠬᠠᠨ ᠤ | ᠬᠡᠪᠳᠡᠭᠡ ᠬᠦᠷᠦᠭ ᠢ ᠱᠣᠭᠤᠨ ᠪᠦᠳᠦᠭᠡᠭᠰᠡᠨ ᠲᠤᠯᠠ ᠶᠢᠨ ᠬᠦ ᠨᠡᠷᠡᠯᠡᠵᠦᠬᠦᠢ᠃ ᠬᠠᠷ᠎ᠠ ᠯᠤᠧᠠᠨ ᠾᠧ ᠭᠤᠣᠯ ᠢ | ᠲᠣᠭᠤᠯᠪᠠᠰᠤ ᠵᠡᠭᠦᠨ ᠳᠤᠷ ᠢᠨᠦ ᠯᠤᠧᠠᠨ ᠵᠧᠦ ᠪᠠᠶᠢᠮᠣᠢ᠂ ᠯᠤᠧᠠᠨ ᠾᠧ ᠭᠤᠣᠯ ᠤᠨ ᠨᠡᠷ᠎ᠠ ᠪᠠᠷ ᠨᠡᠷᠡᠶᠢᠳᠦᠭᠰᠡᠨ | ᠠᠵᠤᠭᠤ᠃ ᠲᠠᠬᠢᠨ ᠮᠦᠨ ᠮᠦᠸᠧ ᠳ᠋ᠦ᠋ ᠯᠢᠩ ᠳᠠᠪᠠᠭᠠᠨ ᠢ ᠦᠩᠭᠡᠷᠡᠬᠦ ᠪᠦᠯᠦᠭᠡ᠂ ᠶᠡᠷᠤ ᠳᠤᠷ ᠢᠶᠠᠨ ᠪᠠᠰᠠ ᠳ᠋ᠦ᠋ | ᠶᠦᠨ ᠯᠢᠩ ᠳᠠᠪᠠᠭᠠᠨ ᠬᠡᠮᠡᠮᠦᠢ᠂ ᠬᠤᠷᠢ ᠰᠢᠬᠠᠮ ᠭᠠᠵᠠᠷ ᠦᠷᠭᠦᠯᠵᠢᠯᠡᠭᠰᠡᠨ ᠠᠵᠤᠭᠤ᠃ ᠳᠠᠬᠢᠨ ᠴᠣᠭᠤᠷ ᠨᠣᠭᠤᠭ᠎ᠠ | ᠳᠠᠪᠠᠭᠠᠨ ᠢ ᠭᠠᠷᠴᠤ ᠳᠠᠯᠠᠨ ᠭᠠᠵᠠᠷ ᠶᠠᠪᠤᠪᠠᠰᠤ ᠤᠳᠠ ᠭᠤᠣᠯ᠂ ᠬᠦᠷᠢᠶ᠎ᠠ ᠭᠤᠣᠯ ᠲᠣᠯᠳᠠᠭ᠃ ᠬᠦᠷᠢᠶ᠎ᠡ ᠭᠤᠣᠯ ᠤᠨ | ᠪᠠᠷᠠᠭᠤᠨ ᠬᠤᠶᠢᠨ᠎ᠠ ᠲᠡᠮᠦᠷ ᠰᠢᠷᠭᠠᠭᠠᠨ ᠠᠭᠰᠠᠨ ᠪᠦᠧᠧᠬᠠᠢ ᠬᠦᠮᠦᠨ ᠰᠠᠭᠤᠷᠢᠰᠢᠨ ᠠᠵᠤᠭᠤ᠃ ᠭᠤᠣᠯ ᠤᠨ | ᠬᠡᠪᠡᠯᠢ ᠶᠢᠨ ᠡᠯᠡᠰᠦ ᠬᠠᠶᠢᠷ ᠠᠴᠠ ᠲᠡᠮᠤᠷ ᠢᠯᠭᠠᠷᠠᠭᠤᠯᠳᠠᠭ ᠪᠦᠯᠦᠭᠡ᠃ ᠪᠦᠧᠧᠬᠠᠢ ᠬᠥᠮᠥᠨ ᠤ ᠵᠠᠩᠰᠢᠯ ᠠᠨᠤ ᠵᠢᠯ | ᠪᠦᠷᠢ ᠲᠤᠭᠳᠠᠭᠰᠠᠨ ᠡᠳᠦᠷ ᠬᠤᠷᠠᠨ ᠴᠤᠭᠯᠠᠷᠠᠵᠤ ᠨᠠᠶᠢᠷᠯᠠᠯᠳᠤᠨ ᠬᠦᠭᠡᠷᠤᠯᠳᠦᠳᠡᠭ᠃ ᠲᠡᠳᠡᠨ ᠳᠠᠭᠤᠯᠠᠨ | ᠪᠦᠵᠢᠭᠯᠡᠬᠦᠢ ᠳᠤᠷ ᠴᠢᠳᠠᠮᠠᠭᠠᠢ᠃ ᠬᠡᠳᠦᠨ ᠦᠶ᠎ᠡ ᠬᠠᠮᠲᠤ ᠴᠤᠭᠯᠠᠷᠠᠬᠤᠢ ᠳᠤᠷ ᠡᠮᠡᠭᠳᠡᠶᠢᠴᠣᠳ ᠳᠠᠭᠠᠯᠴᠠᠨ ᠬᠠᠷᠢᠯᠴᠠᠨ | ᠳᠠᠭᠤᠯᠠᠯᠳᠤᠨ ᠡᠷᠭᠢᠯᠳᠦᠨ ᠪᠦᠵᠢᠭᠯᠡᠳᠡᠭ᠂ ᠡᠭᠦᠨ ᠢ ᠬᠤᠯᠪᠣᠯᠴᠠᠨ ᠪᠦᠵᠢᠭᠯᠡᠬᠦ ᠬᠡᠮᠡᠳᠡᠭ᠃ ᠰᠠᠭᠤᠬᠤ ᠦᠷᠦᠭᠡ | ᠰᠠᠭᠤᠴᠠ ᠬᠡᠮᠡᠪᠡᠰᠦ ᠬᠠᠶᠠᠭᠠᠨ ᠤ ᠬᠠᠨ᠎ᠠ ᠶᠢ ᠨᠦᠬᠡᠯᠡᠨ ᠡᠭᠦᠳᠡ ᠴᠣᠩᠬᠤ ᠭᠠᠷᠭᠠᠭᠰᠠᠨ ᠪᠦᠯᠦᠭᠡ᠃ ᠳᠠᠯᠠᠨ ᠭᠠᠵᠠᠷ | ᠦᠷᠬᠦᠯᠵᠢᠯᠡᠭᠰᠡᠨ ᠰᠦᠩ ᠲᠢᠩ ᠯᠢᠩ ᠳᠠᠪᠠᠭᠠᠨ ᠤ ᠪᠡᠷᠬᠡ ᠪᠠᠷᠳᠠᠭᠠᠨ ᠢ ᠲᠤᠭᠤᠯᠪᠠᠰᠣ ᠦᠢᠯᠡᠳᠭᠡᠯ ᠤᠨ | ᠠᠶᠢᠮᠠᠭ ᠲᠤᠷ ᠬᠦᠷᠴᠦᠬᠦᠢ᠃ ᠲᠡᠳᠡ ᠵᠠᠭᠤ ᠭᠠᠷᠤᠢ ᠬᠠᠷᠢᠶᠠᠳᠤ ᠡᠷᠦᠬᠡ ᠪᠦᠬᠦᠢ ᠬᠦᠷᠢᠶᠡᠨ ᠳᠤᠷ ᠠᠵᠤ ᠲᠥᠷᠥᠮᠦᠢ᠃ | ᠰᠤᠨᠳᠤᠤᠯᠠ ᠶᠢ ᠭᠦᠷᠦᠵᠦ ᠰᠢᠪᠡᠭᠡ ᠬᠢᠨ ᠲᠡᠮᠦᠷ ᠢ ᠲᠠᠪᠳᠠᠵᠤ ᠴᠡᠷᠢᠭ ᠤᠨ ᠵᠡᠪᠰᠡᠭ ᠦᠢᠯᠡᠳᠬᠦ ᠪᠦᠯᠦᠭᠡ᠃ ᠵᠡᠭᠦᠨ | ᠡᠮᠦᠨᠡᠰᠢ ᠲᠠᠪᠢᠨ ᠭᠠᠵᠠᠷ ᠵᠠᠮᠨᠠᠪᠠᠰᠤ ᠨᠢᠦ ᠱᠠᠨ ᠠᠭᠤᠯᠠᠨ ᠤ ᠬᠦᠷᠢᠶᠡᠨ ᠳᠤᠷ ᠤᠴᠢᠮᠣᠢ᠃ ᠨᠠᠶᠠᠨ ᠭᠠᠵᠠᠷ ᠶᠠᠪᠤᠪᠠᠰᠤ | ᠪᠤᠭᠤᠲᠤ ᠬᠠᠪᠴᠢᠯ ᠤᠨ ᠬᠦᠷᠢᠶᠡᠨ ᠪᠣᠯᠤᠮᠤᠢ᠃ ᠮᠡᠯᠡᠬᠡᠢ ᠳᠠᠪᠠᠭᠠᠨ ᠢ ᠦᠩᠭᠡᠷᠡᠨ ᠶᠡᠷᠡᠨ ᠭᠠᠵᠠᠷ ᠲᠤᠷ ᠲᠢᠶᠧ ᠵᠢᠶᠠᠩ | ᠭᠤᠧᠠᠨ ᠬᠦᠷᠢᠶᠡᠨ ᠪᠣᠯᠤᠮᠤᠢ᠃ ᠱᠢ ᠽᠢ ᠯᠢᠩ ᠴᠢᠯᠠᠭᠤᠲᠤ ᠳᠠᠪᠠᠭᠠᠨ ᠢ ᠦᠩᠭᠡᠷᠡᠪᠡᠰᠦ ᠡᠭᠦᠨ ᠠᠴᠠ ᠡᠬᠢᠯᠡᠨ | ᠠᠯᠭᠤᠷ ᠢᠶᠠᠷ ᠠᠭᠤᠯᠠᠨ ᠠᠴᠠ ᠭᠠᠷᠤᠮᠤᠢ᠃ ᠳᠠᠯᠠᠨ ᠭᠠᠵᠠᠷ ᠵᠠᠮᠨᠠᠪᠠᠰᠤ ᠹᠦ᠋ ᠢᠦᠢ ᠭᠤᠧᠠᠨ ᠬᠦᠷᠢᠶᠡᠨ ᠳᠤᠷ | ᠬᠦᠷᠦᠮᠦᠢ᠂ ᠰᠠᠭᠤᠭᠠᠯᠢ ᠢᠷᠭᠡᠳ ᠢᠨᠦ ᠳᠡᠷᠭᠡ ᠦᠢᠯᠡᠳᠦᠭᠴᠢ ᠪᠦᠯᠦᠭᠡ᠃ ᠪᠦᠧᠧᠬᠠᠢ ᠬᠦᠮᠦᠨ ᠤ ᠨᠤᠲᠤᠭ ᠠᠴᠠ | ᠢᠨᠦ ᠴᠢᠭᠡ ᠵᠡᠭᠦᠨᠰᠢ ᠪᠠᠷᠠᠭᠠᠯᠠᠪᠠᠰᠤ ᠮᠠ ᠶᠦᠨ ᠱᠠᠨ ᠠᠭᠤᠯᠠ ᠬᠡᠮᠡᠭᠴᠢ ᠬᠡᠮᠡᠮᠦ᠃ ᠠᠭᠤᠯᠠᠨ ᠳᠤᠷ ᠠᠷᠢᠶᠠᠳᠠᠨ | ᠠᠮᠢᠳᠠᠨ ᠤᠯᠠᠨ᠂ ᠮᠣᠳᠤ ᠰᠢᠭᠤᠢ ᠡᠯᠪᠡᠭ ᠠᠵᠤᠭᠤ᠃ ᠤᠯᠤᠰ ᠤᠨ ᠡᠵᠡᠨ ᠢᠨᠦ ᠡᠨᠡ ᠠᠭᠤᠯᠠᠨ ᠳᠤᠷ | ᠬᠤᠮᠤᠷᠭᠠᠯᠠᠨ ᠠᠪᠠᠯᠠᠳᠠᠭ ᠪᠦᠯᠦᠭᠡ᠃ ᠪᠠᠰᠠ ᠨᠠᠶᠠᠨ ᠭᠠᠵᠠᠷ ᠠᠶᠠᠯᠠᠪᠠᠰᠤ ᠲᠦᠩ ᠲᠢᠶᠠᠨ ᠭᠤᠧᠠᠨ ᠬᠦᠷᠢᠶᠡᠨ ᠳᠤᠷ | ᠲᠤᠯᠤᠮᠤᠢ᠃ ᠬᠤᠷᠢᠨ ᠭᠠᠵᠠᠷ ᠪᠣᠯᠪᠠᠰᠤ ᠳᠣᠮᠳᠠᠳᠤ ᠨᠡᠶᠢᠰᠯᠡᠯ ᠳ᠋ᠠ ᠳ᠋ᠢᠩ ᠹᠦ᠋ ᠬᠤᠲᠠᠨ ᠪᠣᠯᠤᠮᠤᠢ᠃ ᠬᠤᠳᠠ ᠶᠢᠨ | ᠶᠤᠭᠤᠷᠭᠠ ᠬᠡᠷᠡᠮᠢᠨᠦ ᠪᠣᠭᠤᠨᠢ᠂ ᠡᠷᠭᠢᠨ ᠲᠤᠭᠤᠷᠢᠨ ᠲᠦᠷᠪᠡᠬᠡᠨ ᠭᠠᠵᠠᠷ᠂ ᠴᠦᠮ ᠭᠠᠭᠴᠠᠬᠠᠨ ᠡᠭᠦᠳᠡ ᠲᠠᠢ ᠬᠤᠶᠠᠷ | ᠳᠠᠪᠬᠤᠷᠯᠢᠭ ᠭᠡᠷ ᠣᠷᠣᠴᠠ ᠲᠠᠢ᠂ ᠲᠡᠭᠲᠦ ᠬᠡᠮᠡᠨ ᠦᠯᠦ ᠪᠠᠶᠢᠭᠤᠯᠵᠤᠬᠤᠢ᠃ ᠡᠮᠦᠨ᠎ᠠ ᠡᠭᠦᠳᠡ ᠶᠢ ᠳᠡᠯᠭᠡᠷᠡᠬᠦ ᠵᠣᠨ | ᠬᠡᠮᠡᠨ ᠳᠠᠭᠤᠳᠠᠮᠣᠢ᠂ ᠡᠭᠦᠳᠡᠨ ᠤ ᠳᠣᠳᠤᠭᠠᠳᠤ ᠳᠤᠷ ᠵᠠᠮ ᠬᠠᠪᠴᠢᠨ ᠶᠠᠪᠠᠭᠠᠨ ᠭᠤᠳᠤᠮ ᠪᠠᠢᠵᠤ᠂ ᠵᠡᠭᠡᠯᠢ ᠶᠢᠨ | ᠡᠭᠦᠳᠡ ᠤᠯᠠᠨ᠂ ᠪᠠᠰᠠ ᠬᠤᠳᠠᠯᠳᠤᠭᠠᠨ ᠤ ᠲᠠᠪᠬᠤᠷᠯᠢᠭ ᠭᠡᠷ ᠢᠨᠦ ᠲᠦᠷᠪᠡᠨ ᠠᠵᠤᠭᠤ᠂ ᠲᠣᠰᠪᠣᠷᠢ ᠲᠢᠶᠠᠨ ᠹᠠᠩ᠂ | ᠳ᠋ᠠ ᠴᠢᠦᠢ᠂ ᠲᠦᠩ ᠬᠤᠧᠠᠨ᠂ ᠸᠠᠩ ᠴᠢᠦᠧᠡᠢ ᠬᠡᠮᠡᠮᠦ᠃ ᠳᠠᠷᠠᠭᠠᠯᠠᠪᠠᠰᠤ ᠳ᠋ᠠ ᠲᠦᠩ ᠭᠤᠧᠠᠨ ᠬᠦᠷᠢᠶᠡᠨ ᠪᠣᠯᠣᠮᠣᠢ | ᠃ ᠬᠤᠶᠢᠳᠤ ᠡᠭᠦᠳᠡ ᠶᠢ ᠢᠨᠦ ᠶᠠᠩ ᠳ᠋ᠧ ᠴᠠᠩ ᠾᠧ ᠬᠡᠮᠡᠮᠦᠢ᠃ ᠬᠤᠳᠠ ᠶᠢᠨ ᠳᠣᠳᠤᠷ᠎ᠠ ᠪᠠᠷᠠᠭᠤᠨ ᠡᠮᠦᠨ᠎ᠠ | ᠵᠣᠪᠬᠢᠰ ᠤᠨ ᠲᠣᠪᠤᠴᠠᠭ ᠲᠡᠭᠡᠷ᠎ᠠ ᠰᠦᠮ᠎ᠠ ᠬᠡᠢᠳ ᠠᠮᠣᠢ᠃ ᠬᠤᠳᠠ ᠵᠢᠨᠡᠮᠦᠨᠡᠬᠢ ᠵᠢᠮᠢᠰ ᠤᠨ ᠬᠦᠷᠢᠶᠡᠯᠡᠩ ᠪᠣᠯᠪᠠᠰᠤ | ᠬᠤᠷᠢᠮᠯᠠᠯᠳᠤᠨ ᠨᠠᠶᠢᠷᠯᠠᠯᠳᠤᠨ ᠬᠠᠷᠪᠣᠯᠳᠤᠨ ᠴᠡᠩᠬᠡᠯᠳᠦᠬᠦ ᠤᠷᠤᠨ ᠪᠣᠯᠠᠢ᠃ | ᠮᠣᠯᠳᠤᠰᠢ ᠬᠠᠭᠠᠯᠭᠠᠨ ᠢ ᠦᠩᠭᠡᠷᠡᠪᠡᠰᠦ ᠳᠠᠷᠤᠢ ᠬᠠᠷᠢ ᠤᠯᠤᠰ ᠤᠨ ᠬᠢᠵᠠᠭᠠᠷ ᠪᠣᠶᠤ᠃ ᠢᠷᠭᠡᠳ ᠢᠨᠦ | ᠡᠪᠡᠰᠦᠨ ᠤᠪᠣᠬᠠᠢ ᠮᠣᠳᠤᠨ ᠭᠡᠷ ᠲᠤᠷ ᠰᠠᠭᠤᠮᠤᠢ᠃ ᠮᠦᠨ ᠲᠠᠷᠢᠶᠠᠯᠠᠩ ᠢ ᠦᠢᠯᠡᠳᠬᠦ ᠪᠣᠯᠪᠠᠴᠤ ᠪᠥᠰ ᠪᠠᠷᠠᠭ᠎ᠠ | ᠨᠡᠬᠡᠨ ᠪᠣᠳᠤᠬᠤ ᠦᠢᠯᠡ ᠶᠢ ᠦᠯᠦ ᠡᠷᠬᠢᠯᠡᠮᠦᠢ᠃ ᠯᠦᠩ ᠱᠠᠩ ᠳᠤᠷ ᠲᠠᠷᠢᠶᠠᠯᠠᠬᠤ ᠪᠦᠯᠦᠭᠡ᠃ ᠨᠡᠶᠢᠳᠡᠮ ᠢᠶᠠᠷ | ᠬᠡᠶᠢᠰᠬᠦ ᠡᠯᠡᠰᠦᠨ ᠳᠤᠷ ᠲᠠᠷᠤᠭᠳᠠᠬᠤ ᠠᠵᠤᠭᠤ᠃ ᠠᠭᠯᠠᠭ ᠠᠭᠤᠯᠠᠨ ᠳᠤᠷ ᠨᠠᠷᠠᠰᠤ ᠴᠡᠯᠭᠡᠷᠡᠨ᠂ ᠬᠦᠨ | ᠵᠢᠯᠠᠭᠠᠨ ᠳᠤᠷ ᠨᠡᠭᠦᠷᠡᠰᠦ ᠰᠢᠳᠠᠭᠠᠬᠤ ᠪᠠᠷ ᠠᠳᠠᠯ ᠪᠣᠯᠭᠠᠮᠣᠢ᠃ ᠦᠬᠡᠷ᠂ ᠠᠳᠤᠭᠤ᠂ ᠲᠡᠮᠡᠭᠡ ᠮᠡᠳᠦ ᠶᠢᠨ ᠮᠠᠯ | ᠰᠦᠷᠦᠭ ᠲᠤᠵᠢ ᠬᠠᠷᠠᠭᠳᠠᠨ᠂ ᠢᠮᠠᠭᠠᠨ ᠭᠦᠷᠦᠭᠡᠰᠦ᠂ ᠰᠢᠷ᠎ᠠ ᠪᠣᠳᠤᠩ ᠲᠡᠷᠢᠭᠦᠲᠡᠨ ᠠᠩ ᠭᠦᠷᠦᠭᠡ ᠣᠨᠴᠠ ᠡᠯᠪᠡᠭ | ᠠᠵᠤᠭᠤ᠃ ᠮᠦᠨ ᠴᠦᠷᠬᠦᠯᠡᠭᠰᠡᠨ ᠤᠨᠤᠭ᠎ᠠ ᠬᠦᠰᠭᠡ ᠬᠠᠷᠠᠭᠳᠠᠨ᠂ ᠡᠪᠡᠰᠦᠨ ᠤ ᠰᠤᠷᠭᠤᠭ ᠤᠰᠤᠨ ᠤ | ᠲᠣᠩᠭᠠᠯᠠᠭ ᠢ ᠲᠠᠭᠠᠨ ᠠᠪᠠᠯᠠᠨ ᠶᠠᠪᠤᠮᠤᠢ᠃ ᠰᠢᠩᠭᠡᠨ ᠪᠣᠳᠠᠭ᠎ᠠ᠂ ᠬᠠᠭᠤᠷᠤᠭᠰᠠᠨ ᠠᠮᠣ ᠪᠠᠷ ᠬᠦᠨᠡᠰᠦᠨ ᠪᠣᠯᠭᠠᠳᠠᠭ | ᠠᠵᠤᠭᠤ᠃ | ᠵᠡᠭᠦᠯᠳᠡ᠄ ᠰᠦᠩ ᠤᠯᠤᠰ ᠤᠨ ᠳ᠋ᠠ ᠵᠦᠩ ᠰᠢᠶᠠᠩ ᠹᠦ᠋ ᠶᠢᠨ ᠳᠠᠪᠤᠳᠤᠭᠠᠷ ᠤᠨ ︵1012 ᠤᠨ︶ ᠳᠤ | ᠸᠠᠩ ᠽᠧᠩ ᠭᠤᠣᠯᠯᠠᠨ ᠢᠯᠭᠠᠭᠴᠢ ᠲᠦᠰᠢᠮᠡᠯ ᠪᠣᠯᠵᠤ ᠵᠠᠷᠯᠢᠭ ᠢ ᠤᠬᠠᠭᠤᠯᠬᠤ ᠪᠠᠷ ᠭᠢᠳᠡᠨ ᠤᠯᠤᠰ ᠤᠨ ᠡᠵᠡᠨ ᠤ | ᠲᠦᠷᠦᠭᠰᠡᠨ ᠡᠳᠦᠷ ᠲᠤ ᠪᠠᠶᠠᠷ ᠬᠦᠷᠭᠡᠬᠦ ᠡᠯᠴᠢᠨ ᠢᠶᠠᠷ ᠲᠣᠮᠳᠠᠳᠤ ᠨᠡᠶᠢᠰᠯᠡᠯ ᠳᠤ ᠢᠷᠡᠭᠰᠡᠨ ᠪᠠᠶᠢᠳᠠᠭ᠃ ᠰᠦᠩ | ᠤᠯᠤᠰ ᠲᠤ ᠪᠠᠨ ᠪᠣᠴᠠᠭᠰᠠᠨ ᠠᠴᠠ ᠰᠡᠭᠦᠯᠡᠷ ︽ᠬᠢᠳᠡᠨ ᠳᠤᠷ ᠤᠴᠢᠭᠰᠠᠨ ᠤᠴᠢᠷ︾ ᠢᠶᠠᠨ ᠪᠢᠴᠢᠵᠡᠢ᠂ ᠪᠠᠰᠠ ︽ | ᠸᠠᠩ ᠢ ᠭᠦᠩ ᠤᠨ ᠠᠶᠠᠯᠠᠭᠰᠠᠨ ᠲᠡᠮᠳᠡᠭᠯᠡᠯ︾ ᠬᠡᠮᠡᠳᠡᠭ᠃ | |