︹ᠴᠢᠩ︺ᠴᠠᠩ ᠪᠠᠢ ᠸᠧᠨ ᠰᠢᠶᠠᠩ ᠪᠦᠸᠧ ᠴᠤᠧᠠᠨ | ᠬᠤᠷᠢᠨ ᠲᠤᠯᠤᠭᠠᠨ ᠤ ᠡᠳᠦᠷ ᠤᠨ ᠯᠣᠣ ᠴᠠᠭ ᠤᠨ ᠡᠬᠢᠨ ᠳᠤᠷ ᠲᠡᠭᠷᠢ ᠭᠡᠭᠡᠷᠡᠮᠡᠭᠴᠡ ᠬᠦᠳᠡᠯᠦᠨ ᠭᠤᠴᠢᠨ | ᠭᠠᠵᠠᠷ ᠵᠠᠮᠨᠠᠨ ᠲᠣᠯᠣᠭᠠᠨ ᠮᠣᠳᠤᠨ ᠠᠶᠢᠯ ᠳᠤᠷ ᠬᠦᠷᠴᠦ᠂ ᠠᠶᠢᠯ ᠤᠨ ᠲᠤᠭᠤᠭ᠎ᠠ ᠶᠢ ᠵᠢᠭᠡᠯᠡᠨ ᠡᠷᠳᠡ ᠶᠢᠨ | ᠬᠤᠭᠤᠯᠠ ᠪᠠᠨ ᠪᠠᠵᠠᠭᠠᠨ ᠲᠦᠷ ᠠᠮᠠᠷᠠᠪᠠᠢ᠃ ᠮᠣᠭᠠᠢ ᠴᠠᠭ ᠤᠨ ᠡᠬᠢᠨ ᠳᠤᠷ ᠳᠠᠬᠢᠨ ᠬᠦᠳᠡᠯᠵᠦ ᠲᠠᠪᠤ ᠵᠢᠷᠭᠤᠭᠠᠨ | ᠭᠠᠵᠠᠷ ᠭᠠᠷᠣᠮᠠᠭᠴᠠ ᠡᠯᠡᠰᠦ ᠮᠠᠩᠬ᠎ᠠ ᠦᠷᠬᠦᠯᠵᠢᠯᠡᠵᠦᠬᠦᠢ᠃ ᠮᠠᠩᠬᠠᠨ ᠤᠪᠤᠭ᠎ᠠ ᠶᠢ ᠲᠤᠭᠤᠷᠢᠭᠰᠠᠨ ᠵᠠᠮ ᠢᠶᠠᠷ ᠲᠠᠪᠤ | ᠵᠢᠷᠭᠤᠭᠠᠨ ᠮᠠᠩᠬᠠᠨ ᠬᠦᠲᠡᠯ ᠢ ᠲᠤᠭᠤᠯᠵᠤᠬᠤᠢ᠃ ᠤᠨᠤᠭ᠎ᠠ ᠬᠦᠰᠭᠡ ᠬᠦᠯᠦᠷᠡᠭᠡᠳ ᠶᠠᠪᠤᠵᠤ ᠲᠡᠶᠢᠯᠬᠦ ᠦᠭᠡᠢ ᠪᠣᠯᠪᠠᠢ | ᠃ ᠰᠠᠭᠦᠯᠴᠢ ᠶᠢᠨ ᠮᠠᠩᠬᠠᠨ ᠤᠪᠤᠭᠠᠨ ᠤ ᠲᠡᠭᠡᠷ᠎ᠠ ᠢᠨᠦ ᠭᠠᠷᠬᠤ ᠭᠡᠮᠡᠨ ᠬᠡᠳᠦᠨᠳᠡ ᠮᠠᠴᠤᠭᠰᠠᠨ ᠴᠦ ᠭᠤᠯᠭᠤᠷᠢᠨ | ᠪᠠᠭᠤᠵᠤᠬᠤᠢ᠃ ᠮᠠᠩᠬᠠᠨ ᠤᠪᠣᠭᠠᠨ ᠢ ᠦᠩᠭᠡᠷᠡᠨ ᠬᠤᠶᠠᠷ ᠭᠠᠵᠠᠷ ᠭᠠᠷᠣᠢ ᠳᠤᠷ ᠪᠠᠭᠠᠷᠢᠨ ᠬᠦᠭᠦᠷᠭᠡ ᠬᠦᠷᠪᠡᠢ᠃ | ᠭᠤᠣᠯ ᠢ ᠠᠨᠤ ᠰᠢᠷᠠᠮᠦ᠋ᠷᠡᠨ ᠬᠡᠮᠡᠮᠦᠢ᠃ ᠭᠤᠣᠯ ᠠᠨᠤ ᠲᠦᠢᠯ ᠤᠨ ᠦᠷᠭᠡᠨ ᠵᠦᠪᠬᠡᠨ ᠬᠦᠭᠦᠷᠭᠡᠨ ᠬᠠᠪᠢ ᠳᠤᠷ | ᠬᠤᠶᠠᠷ ᠵᠠᠩ ᠭᠠᠷᠤᠢ ᠪᠠᠶᠢᠭ᠎ᠠ ᠠᠵᠤᠭᠤ᠃ ᠤᠰᠤᠨ ᠠᠨᠤ ᠬᠦᠭᠦᠷᠭᠡᠨ ᠳᠤᠷ ᠠᠳᠠᠯᠢ ᠲᠡᠭᠰᠢ᠂ ᠬᠦᠭᠦᠷᠭᠡᠨ ᠲᠤᠤᠷᠠᠬᠢ | ᠤᠰᠤᠨ ᠪᠣᠯᠪᠠᠰᠤ ᠠᠷᠪᠠ ᠭᠠᠷᠤᠢ ᠵᠠᠩ ᠭᠦᠨ ᠬᠡᠮᠡᠵᠦᠬᠦᠢ᠃ ᠨᠣᠳᠤᠭ ᠤᠨ ᠬᠦᠮᠦᠨ ᠤ ᠬᠡᠯᠡᠬᠦ ᠢᠨᠦ ᠵᠣᠨ ᠳᠤᠷ ᠢᠶᠠᠨ | ᠤᠰᠤᠨ ᠳᠠᠯᠡᠵᠦ ᠬᠠᠰᠢᠯᠭ᠎ᠠ ᠪᠠᠨ ᠰᠡᠲᠡᠯᠦᠨ ᠪᠢᠯᠬᠠᠷᠠᠨ ᠭᠠᠷᠬᠤ ᠪᠣᠯᠠᠢ ᠬᠡᠮᠡᠮᠦ᠃ ᠵᠥᠪᠬᠡᠨ ᠬᠦᠭᠦᠷᠭᠡᠨ ᠲᠤᠤᠷᠠᠬᠢ | ᠤᠰᠤᠨ ᠤ ᠦᠷᠭᠡᠨ ᠭᠦᠨ ᠢᠨᠦ ᠡᠶᠢᠮᠦ ᠪᠦᠯᠦᠭᠡ᠂ ᠦᠨᠡᠬᠡᠷ ᠰᠣᠨᠢᠨ ᠭᠠᠶᠢᠬᠠᠯᠳᠠᠢ ᠠᠵᠤᠭᠤ᠃ ᠠᠷᠤ ᠡᠷᠬᠢᠨ ᠳᠤᠷ | ᠬᠦᠰᠢᠶᠡᠨ ᠲᠢᠩᠬᠢᠮ ᠠᠮᠤᠢ᠂ ᠬᠦᠰᠢᠶᠡᠨ ᠳᠤᠷ ᠮᠠᠨᠵᠣ ᠮᠣᠩᠭᠤᠯ ᠦᠰᠦᠭ ᠰᠡᠢᠯᠵᠦᠬᠦᠢ᠃ ᠬᠦᠭᠦᠷᠭᠡ ᠶᠢ ᠡᠶᠡᠪᠡᠷ | ᠵᠠᠰᠠᠭᠴᠢ ᠶᠢᠨ ᠠᠷᠪᠡᠨ ᠳᠦᠳᠦᠭᠡᠷ ᠤᠨ ᠳᠤᠷ ᠰᠡᠴᠡᠨ ᠲᠡᠭᠡᠳᠦ ᠭᠦᠷᠦᠨ ᠭᠦᠩᠵᠦ ᠠᠴᠠ ᠪᠠᠶᠢᠭᠤᠯᠤᠨ᠂ ᠡᠩᠬᠡ | ᠠᠮᠤᠭᠤᠯᠠᠩ ᠤᠨ ᠤᠨ ᠤᠳ ᠲᠤᠷ ᠡᠵᠡᠨ ᠪᠠᠷ ᠤᠮᠠᠷᠠᠳᠤ ᠤᠷᠤᠨ ᠢᠶᠠᠷ ᠪᠠᠶᠢᠴᠠᠭᠠᠨ ᠲᠣᠭᠤᠷᠢᠬᠤᠢ ᠳᠤᠷ ᠢᠶᠠᠨ ᠵᠠᠷᠯᠢᠭ | ᠪᠠᠭᠤᠯᠭᠠᠨ ᠲᠦᠷᠦ ᠶᠢᠨ ᠡᠪᠬᠡᠮᠡᠯ ᠳᠤᠷ ᠲᠡᠮᠳᠡᠭᠯᠡᠭᠦᠯᠵᠦᠬᠦᠢ ᠬᠡᠮᠡᠨ ᠰᠠᠶᠢᠯᠪᠤᠷᠢᠯᠡᠨ ᠲᠡᠮᠳᠡᠭᠯᠡᠭᠰᠡᠨ ᠠᠵᠤᠭᠤ᠃ | ᠬᠦᠭᠦᠷᠭᠡᠨ ᠠᠴᠠ ᠬᠤᠶᠢᠰᠢ ᠪᠠᠭᠠᠷᠢᠨ ᠸᠠᠩ ᠤᠨ ᠬᠠᠷᠢᠶᠠᠳᠤ ᠭᠠᠵᠠᠷ ᠪᠣᠯᠵᠤ ᠬᠢᠳᠡᠳ ᠢᠷᠭᠡᠨ ᠤ ᠠᠶᠢᠯ ᠭᠡᠮᠡᠨ ᠦᠭᠡᠢ | ᠪᠦᠯᠦᠭᠡ᠃ ᠬᠦᠭᠦᠷᠭᠡ ᠶᠢ ᠦᠩᠭᠡᠷᠡᠨ ᠠᠷᠪᠠᠭᠠᠳ ᠭᠠᠵᠠᠷ ᠶᠠᠪᠤᠪᠠᠰᠤ ᠰᠢᠷᠠᠮᠦ᠋ᠷᠡᠨ ᠦᠷᠳᠡᠭᠡ ᠬᠦᠷᠴᠦ ᠪᠠᠭᠤᠳᠠᠯᠯᠠᠪᠠᠢ | ᠃ ᠬᠤᠯᠠ ᠠᠴᠠ ᠠᠵᠢᠬᠤᠯ᠎ᠠ ᠪᠢᠴᠢᠬᠠᠨ ᠰᠢᠷᠤᠢ ᠶᠢᠨ ᠲᠣᠪᠣᠴᠠᠭ ᠤᠳ ᠮᠡᠲᠦ ᠬᠠᠷᠠᠭᠳᠠᠬᠤ ᠪᠣᠯᠠᠢ᠂ ᠤᠶᠢᠷᠠᠳᠤᠨ | ᠦᠵᠡᠭᠦᠯ᠎ᠠ ᠬᠠᠷᠢᠨ ᠮᠣᠩᠭᠤᠯ ᠭᠡᠷ ᠪᠠᠶᠢᠭᠰᠠᠨ ᠠᠵᠤᠭᠤ᠃ ᠡᠭᠦᠳᠡ ᠢᠨᠦ ᠪᠣᠭᠤᠨᠢ ᠮᠦᠷᠳᠡᠭᠡᠨ ᠪᠠᠭ᠎ᠠ᠂ | ᠪᠦᠬᠦ᠋ᠢᠪᠡᠰᠦ ᠰᠠᠶ᠋ᠢ ᠤᠷᠤᠵᠤ ᠪᠣᠯᠤᠮᠤᠢ᠃ ᠭᠡᠷ ᠲᠣᠳᠤᠷ᠎ᠠ ᠭᠤᠷᠪᠡ ᠲᠦᠷᠪᠡᠨ ᠵᠠᠩ ᠬᠢᠷᠢᠳᠡᠢ ᠠᠭᠤᠵᠢᠮ᠂ | ᠭᠦᠩᠭᠠᠷᠠᠸ᠎ᠠ᠂ ᠮᠣᠳᠤᠨ ᠤᠷᠤ᠂ ᠠᠪᠳᠠᠷ᠎ᠠ ᠲᠠᠪᠰᠠᠭ ᠲᠡᠷᠢᠭᠦᠳᠡᠨ ᠢ ᠡᠩᠨᠡᠭᠦᠯᠦᠨ ᠲᠠᠯᠪᠢᠵᠤᠬᠤᠢ᠃ ᠭᠠᠵᠠᠷ | ᠲᠣᠮᠳᠠ ᠪᠠᠨ ᠲᠤᠮᠤ ᠲᠤᠯᠭ᠎ᠠ ᠲᠤᠯᠤᠨ ᠠᠷᠭᠠᠯ ᠲᠦᠯᠡᠬᠦ ᠪᠦᠯᠦᠭᠡ᠃ ᠭᠡᠷ ᠤᠨ ᠲᠣᠭᠤᠨᠤ ᠠᠨᠤ ᠪᠣᠳᠤᠩ ᠳᠤᠷ | ᠠᠳᠠᠯᠢ ᠶᠡᠭᠡ᠂ ᠲᠡᠭᠡᠭᠰᠢ ᠰᠢᠷᠳᠡᠪᠡᠰᠦ ᠲᠡᠭᠷᠢ ᠬᠠᠷᠠᠭᠳᠠᠨ ᠶᠠᠭ ᠯᠠ ᠬᠤᠳᠳᠤᠭ ᠤᠨ ᠢᠷᠤᠭᠠᠷ ᠲᠤᠷ ᠰᠠᠭᠤᠭᠰᠠᠨ | ᠮᠠᠳᠦ ᠪᠣᠯᠠᠢ᠃ ᠡᠳᠦᠷ ᠲᠤᠷ ᠢᠶᠠᠨ ᠤᠳᠤᠭ᠎ᠠ ᠠᠨᠤ ᠰᠢᠭᠤᠳ ᠲᠡᠭᠡᠭᠰᠢ ᠭᠠᠷᠤᠨ᠂ ᠰᠦᠨᠢ ᠪᠣᠯᠪᠠᠰᠤ ᠡᠷᠦᠬᠡ ᠪᠠᠨ | ᠪᠦᠳᠡᠭᠡᠮᠦᠢ᠃ ᠡᠭᠦᠳᠡᠨ ᠭᠠᠳᠠᠨ᠎ᠠ ᠢᠮᠠᠬᠤ ᠵᠤᠵᠠᠭᠠᠨ ᠤᠷᠬᠢᠭᠤᠯ ᠡᠯᠭᠦᠨ ᠲᠡᠭᠡᠪᠦᠷ ᠪᠣᠯᠤᠨ ᠤᠷᠬᠢᠭᠤᠯ ᠲᠠᠭ | ᠪᠢᠳᠡᠭᠦᠦ ᠶᠢᠨ ᠲᠣᠯᠠᠳᠠ ᠫᠠᠳ ᠬᠠᠷᠠᠩᠭᠤᠢ ᠪᠣᠯᠵᠤ ᠠᠯᠠᠭᠠᠨ ᠵᠢᠷᠤᠭᠠᠰᠤ ᠦᠯᠦ ᠬᠠᠷᠠᠭᠳᠠᠮᠤᠢ᠃ ᠤᠷᠤᠢ ᠶᠢᠨ | ᠬᠤᠭᠤᠯᠠᠨ ᠳᠤᠷ ᠤᠯᠠᠨ ᠢ ᠤᠷᠢᠵᠤ᠂ ᠭᠠᠵᠠᠷ ᠲᠤᠷ ᠲᠠᠪᠢᠰᠭᠡᠷ ᠲᠠᠪᠢᠰᠦᠨ ᠰᠠᠭᠤᠯᠴᠠᠵᠤ᠂ ᠮᠢᠬ᠎ᠠ ᠰᠢᠷᠠᠨ | ᠳᠠᠷᠠᠰᠤᠨ ᠢ ᠤᠤᠭᠤᠯᠴᠠᠪᠠᠢ᠃ ᠰᠦᠩ ᠳᠤᠷ ᠪᠢᠴᠢᠬᠠᠨ ᠬᠡᠦᠬᠡᠳ ᠵᠣᠭᠰᠣᠵᠤᠬᠤᠢ᠂ ᠲᠦᠷᠪᠡᠬᠡᠨ ᠨᠠᠰᠤᠳᠠᠢ ᠠᠵᠤᠭᠤ | ᠃ ᠠᠷᠠᠰᠤᠨ ᠲᠡᠪᠡᠯ ᠬᠡᠳᠦᠷᠴᠦ᠂ ᠭᠡᠵᠢᠭᠡ ᠶᠦᠭᠡᠨ ᠱᠠᠩᠬᠤᠯᠠᠨ ᠪᠢᠴᠢᠬᠠᠨ ᠠᠷᠠᠰᠤᠨ ᠭᠤᠳᠤᠰᠤ ᠡᠮᠦᠰᠦᠨ᠂ ᠠᠷᠠᠰᠤᠨ | ᠪᠦᠰᠡ ᠠᠴᠠ ᠪᠢᠴᠢᠬᠠᠨ ᠭᠡᠳᠡ ᠬᠢᠳᠤᠭ᠎ᠠ᠂ ᠵᠢᠭᠠᠷ ᠤᠨ ᠬᠠᠪᠳᠠᠭ᠎ᠠ ᠵᠡᠭᠦᠭᠰᠡᠨ ᠢᠨᠦ ᠦᠨᠡᠬᠡᠷ ᠵᠢᠷᠤᠭ ᠤᠨ ᠬᠡᠦᠬᠡᠳ | ᠮᠡᠳᠦ᠃ ᠮᠢᠬᠠᠨ ᠠᠴᠠ ᠦᠭᠬᠦᠢ ᠳᠤᠷ ᠰᠦᠬᠦᠷᠡᠨ ᠲᠤᠰᠴᠤ᠂ ᠲᠡᠷᠢᠭᠦᠨ ᠲᠡᠭᠡᠷ᠎ᠠ ᠪᠠᠨ ᠡᠷᠭᠦᠵᠦ ᠲᠠᠯᠠᠷᠬᠠᠭᠠᠳ | ᠢᠳᠡᠪᠡᠢ᠃ ᠵᠢᠭᠠᠷ ᠤᠨ ᠬᠠᠪᠳᠠᠭ᠎ᠠ᠂ ᠢᠳᠡᠭᠡᠨ ᠵᠡᠷᠭᠡ ᠶᠢ ᠬᠠᠶᠢᠷᠠᠯᠠᠨ ᠬᠦᠷᠳᠡᠭᠡᠭᠰᠡᠨ ᠪᠦᠯᠦᠭᠡ᠃ ᠤᠷᠤᠢ ᠶᠢᠨ | ᠬᠤᠭᠤᠯᠠᠨ ᠤ ᠳᠠᠷᠠᠭ᠎ᠠ ᠮᠦᠨ ᠤᠷᠤᠨ ᠳᠤᠷ ᠢᠶᠠᠨ ᠬᠡᠪᠳᠡᠵᠦ ᠠᠮᠠᠷᠠᠪᠠᠢ᠂ ᠦᠷᠦᠭᠡᠨ ᠳᠤᠷ ᠰᠠᠯᠬᠢ ᠰᠡᠩᠭᠢᠨᠡᠨ | ᠰᠦᠨᠢᠵᠢᠨ ᠤᠨᠳᠠᠵᠤ ᠡᠰᠡ ᠴᠢᠳᠠᠯᠤᠭᠠ᠃ | ᠬᠤᠷᠢᠨ ᠨᠠᠢᠮᠠᠨ ᠤ ᠡᠳᠦᠷ ᠰᠢᠷᠠᠮᠦ᠋ᠷᠡᠨ ᠠᠴᠠ ᠮᠣᠷᠳᠠᠨ ᠲᠤᠭᠠᠯᠠᠰᠢ ᠦᠭᠡᠢ ᠤᠯᠠᠨ ᠪᠦᠷᠳᠡ | ᠲᠠᠯ᠎ᠠ ᠨᠤᠭᠤᠳ᠂ ᠡᠯᠡᠰᠦᠨ ᠲᠤᠪᠤ ᠶᠢ ᠦᠩᠭᠡᠷᠡᠪᠡᠢ᠃ ᠭᠠᠵᠠᠷ ᠰᠠᠢ ᠦᠭᠡᠢ ᠡᠯᠡᠰᠦ ᠮᠠᠩᠬ᠎ᠠ ᠪᠠᠶᠢᠵᠤ᠂ ᠦᠨᠡᠬᠡᠷ | ᠡᠯᠡᠰᠦᠨ ᠳᠠᠯᠠᠢ ᠬᠡᠮᠡᠵᠦ ᠪᠣᠯᠤᠮᠤᠢ᠃ ᠵᠢᠷᠠᠨ ᠭᠠᠵᠠᠷ ᠶᠠᠪᠠᠭᠠᠨ ᠢᠶᠠᠷ ᠵᠠᠮᠨᠠᠵᠤ ᠰᠣᠯᠣᠨ ᠮᠦᠷᠡᠨ ᠢ ᠭᠡᠳᠦᠯᠪᠡᠢ᠂ | ᠶᠠᠭᠠᠬᠢᠭᠠᠳ ᠪᠣᠣ ᠮᠡᠳᠡ᠂ ᠮᠦᠷᠡᠨ ᠢᠨᠦ ᠬᠦᠯᠳᠡᠭᠰᠡᠨ ᠦᠭᠡᠢ ᠪᠣᠶᠤ᠃ ᠮᠦᠨ ᠲᠠᠪᠤ ᠵᠢᠷᠭᠤᠭᠠᠨ ᠭᠠᠵᠠᠷ ᠶᠠᠪᠤᠵᠤ | ᠶᠡᠭᠡ ᠪᠠᠶᠢᠰᠢᠩ ᠬᠦᠷᠴᠦ ᠯᠠᠮᠠ ᠶᠢᠨ ᠰᠦᠮ᠎ᠠ ᠳᠤᠷ ᠬᠤᠨᠤᠭ ᠭᠤᠶᠤᠨ ᠠᠮᠠᠷᠠᠪᠠᠢ᠃ ᠲᠣᠰᠬᠤᠨ ᠳᠤᠷ ᠪᠤᠳ᠋ᠳ᠋ᠾᠠ ᠶᠢᠨ | ᠰᠦᠮ᠎ᠠ ᠢᠨᠦ ᠬᠠᠮᠤᠭ ᠲᠤᠮᠤ᠂ ᠰᠡᠴᠡᠨ ᠲᠡᠭᠡᠳᠦ ᠭᠦᠷᠦᠨ ᠭᠦᠩᠵᠦ ᠶᠢᠨ ᠤᠷᠳᠤ ᠪᠠᠶᠢᠮᠣᠢ᠃ ᠲᠤᠰᠬᠤᠨ ᠤ | ᠬᠦᠮᠦᠨ ᠤ ᠬᠠᠭᠠᠰ ᠦᠯᠡᠭᠦᠦ ᠢᠨᠦ ᠰᠡᠴᠡᠨ ᠲᠡᠭᠡᠳᠦ ᠭᠦᠷᠦᠨ ᠬᠦᠩᠵᠦ ᠶᠢᠨ ᠬᠤᠶᠢᠴᠢ ᠪᠣᠯᠠᠢ᠂ ᠪᠠᠷᠤᠭ ᠲᠠᠪᠤ | ᠵᠢᠷᠭᠤᠭᠠᠨ ᠵᠠᠭᠤᠨ ᠡᠷᠦᠬᠡ ᠪᠠᠶᠢᠬᠤ ᠪᠣᠶᠤ᠃︹ᠲᠤᠰ ᠦᠷᠳᠡᠭᠡ ᠢᠨᠦ ᠪᠠᠭᠠᠷᠢᠨ ᠸᠠᠩ ᠤᠨ ᠨᠣᠳᠤᠭ ᠲᠡᠭᠡᠷ᠎ᠠ | ᠪᠠᠶᠢᠮᠣᠢ᠂ ᠭᠤᠣᠯ ᠦᠷᠳᠡᠭᠡ ᠢᠨᠦ ᠤᠣᠯ ᠳᠠᠭᠠᠨ ᠰᠢᠷᠠᠮᠦ᠋ᠷᠡᠨ ᠤ ᠴᠢᠭᠡ ᠬᠤᠶᠢᠨ᠎ᠠ ᠪᠠᠶᠢᠭᠰᠠᠨ ᠪᠦᠯᠦᠭᠡ᠂ ᠵᠡᠭᠦᠨ | ᠬᠤᠶᠢᠳᠤ ᠳᠤᠷ ᠬᠤᠯᠪᠤᠭᠠᠳᠠᠢ ᠪᠣᠶᠤ᠃ ᠬᠡᠷᠪᠡ ᠭᠤᠣᠯ ᠦᠷᠳᠡᠭᠡ ᠬᠡᠮᠡᠪᠡᠰᠦ ᠤᠷᠢᠳ ᠭᠠᠴᠢᠭ ᠲᠤᠷ ᠬᠦᠷᠴᠦ᠂ | ᠳᠠᠬᠢᠭᠠᠳ ᠴᠢᠭᠡ ᠵᠠᠭᠦᠨᠰᠢ ᠪᠠᠭᠠᠷᠢᠨ ᠸᠠᠩ ᠤᠨ ᠤᠷᠳᠤᠨ ᠬᠦᠷᠪᠡᠰᠦ ᠵᠦᠢ᠃ ᠪᠠᠭᠠᠷᠢᠨ ᠪᠠᠶᠢᠰᠡ ᠶᠢᠨ ᠨᠣᠳᠤᠭ ᠠᠨᠤ | ᠵᠡᠭᠦᠨ ᠡᠮᠦᠨ᠎ᠠ ᠢᠨᠦ ᠪᠣᠯᠣᠮᠣᠢ᠃ ᠳᠠᠷᠠᠭ᠎ᠠ ᠡᠳᠦᠷ ᠢᠨᠦ ᠭᠠᠴᠢᠭ ᠦᠷᠳᠡᠭᠡᠨ ᠠᠴᠠ ᠪᠠᠶᠢᠰᠢᠩ ᠵᠦᠭ ᠮᠣᠷᠳᠠᠪᠠᠰᠤ | ᠭᠤᠷᠪᠠᠨ ᠦᠷᠳᠡᠭᠡᠨ ᠵᠠᠮ ᠢ ᠬᠦᠭᠡᠭᠡᠬᠦ ᠪᠣᠯᠠᠢ᠃︺ | ᠬᠤᠷᠢᠨ ᠶᠢᠰᠦᠨ ᠤ ᠡᠳᠦᠷ ᠯᠣᠣ ᠴᠠᠭ ᠤᠨ ᠡᠬᠢᠨ ᠳᠤᠷ ᠪᠠᠶᠢᠰᠢᠩ ᠠᠴᠠ ᠮᠣᠷᠳᠠᠬᠤᠢ ᠳᠤᠷ ᠵᠠᠮ ᠳᠠᠭᠠᠤ | ᠠᠭᠤᠯᠠᠨ ᠳᠠᠭᠠᠷᠠᠯᠳᠤᠭᠰᠠᠨ ᠴᠦ ᠬᠠᠷᠠᠬᠠᠨ ᠪᠣᠭᠤᠨᠢ ᠪᠣᠶᠤ᠃ ᠡᠯᠡᠰᠦ ᠮᠠᠩᠬ᠎ᠠ ᠴᠦ ᠠᠯᠭᠤᠷ ᠢᠶᠠᠷ ᠴᠦᠬᠡᠷᠡᠭᠰᠡᠨ | ᠪᠣᠶᠤ᠃ ᠵᠢᠷᠠᠨ ᠭᠠᠵᠠᠷ ᠲᠤᠷ ᠯᠤᠤᠳᠤᠪᠠᠨ ᠬᠦᠷᠴᠦ ᠬᠤᠨᠤᠭᠯᠠᠪᠠᠢ᠃ ᠲᠦᠷᠪᠡ ᠲᠠᠪᠤᠬᠠᠨ ᠡᠷᠦᠬᠡ ᠢᠨᠦ ᠪᠠᠶᠢᠰᠢᠩ | ᠭᠡᠷ ᠲᠤᠷ ᠰᠠᠭᠤᠵᠤ᠂ ᠪᠣᠰᠤᠳ ᠠᠨᠤ ᠴᠦᠮ ᠮᠣᠩᠭᠤᠯ ᠭᠡᠷ ᠲᠤᠷ ᠣᠷᠣᠰᠢᠨ ᠰᠠᠭᠤᠮᠤᠢ᠃ ᠪᠠᠭᠠᠷᠢᠨ ᠸᠠᠩ ᠤᠨ | ᠭᠤᠴᠤᠭ ᠤᠨ ᠰᠠᠭᠤᠭ᠎ᠠ ᠭᠠᠵᠠᠷ ᠮᠦᠷᠳᠡᠭᠡᠨ ᠪᠠᠭᠠᠷᠢᠨ ᠪᠠᠶᠢᠰᠡ ᠶᠢᠨ ᠠᠳᠤᠭᠤᠨ ᠰᠦᠷᠦᠭ ᠪᠠᠶᠢᠭ᠎ᠠ ᠠᠶᠢᠯ ᠪᠦᠯᠦᠭᠡ᠃ | ᠯᠠᠪᠯᠠᠬᠤᠯ᠎ᠠ ᠪᠠᠶᠢᠰᠡ ᠶᠢᠨ ᠤᠷᠳᠤᠨ ᠠᠴᠠ ᠳᠥᠴᠢᠨ ᠭᠠᠵᠠᠷ ᠵᠠᠶᠢᠳᠠᠢ ᠬᠡᠮᠡᠮᠦ᠂ ᠪᠠᠶᠢᠰᠠ ᠶᠢᠨ ᠬᠡᠷᠬᠢᠮ ᠢᠨᠦ | ᠲᠣᠰᠠᠯᠠᠭᠴᠢ ᠪᠣᠶᠣ᠃︹ᠳᠠᠷᠤᠢ ᠳᠠᠷᠤᠮᠯᠠᠯ ᠤᠨ ᠵᠠᠩᠭᠢ ᠪᠣᠯᠠᠢ᠂ ᠳᠡᠳ᠋ ᠵᠡᠷᠭᠡ ᠪᠣᠯᠣᠮᠣᠢ᠃ ︺ ᠲᠠᠶᠢᠵᠢ ᠨᠠᠷ ᠢ | ᠪᠠᠭᠳᠠᠭᠠᠭᠰᠠᠨ ᠠᠷᠪᠠᠨ ᠬᠦᠮᠦᠨ ᠠᠳᠡ ᠤᠭᠳᠤᠨ ᠠᠪᠴᠤ ᠬᠤᠷᠠᠯᠳᠤᠭᠠᠳ ᠮᠠᠷᠭᠠᠰᠢ ᠰᠣᠶᠣᠷᠬᠠᠯ ᠤᠨ ᠳᠠᠬᠢᠯᠭ᠎ᠠ ᠶᠢ | ᠦᠢᠯᠡᠳᠦᠮᠦᠢ᠂ ᠪᠣᠩᠬᠤᠨ ᠤ ᠬᠠᠪᠢ ᠳᠤᠷ ᠪᠡᠯᠡᠳᠭᠡᠳᠦᠭᠡᠢ ᠬᠡᠮᠡᠪᠡᠢ᠃ ᠪᠣᠩᠬᠤᠨ ᠠᠨᠤ ᠯᠤᠤᠳᠤᠪᠠᠨ ᠠᠴᠠ ᠲᠦᠷᠪᠡ | ᠲᠠᠪᠤᠨ ᠭᠠᠵᠠᠷ ᠵᠠᠶᠢᠳᠠᠢ ᠪᠣᠶᠤ᠃ ᠥᠨᠥᠳᠥᠷ ᠠᠨᠤ ᠮᠦᠨ ᠶᠡᠭᠡ ᠴᠠᠰᠤᠨ ᠤᠷᠤᠪᠠᠢ᠃ |