ᠮᠣᠩᠭᠤᠯᠴᠣᠳ ᠤᠨ ᠲᠠᠷᠢᠶ᠎ᠠ ᠲᠠᠷᠢᠬᠤ ᠶᠠᠪᠣᠴᠠ ᠳᠠᠬᠢ ᠬᠥᠷᠥᠰᠥ ᠰᠢᠷᠣᠢ ᠶᠢ ᠬᠠᠮᠠᠭᠠᠯᠠᠬᠤ ᠠᠷᠭ᠎ᠠ
ᠨᠡᠶᠢᠲᠡᠯᠡᠭᠰᠡᠨ ᠴᠠᠭ᠄
2019/3/14
     ᠲᠠᠷᠢᠶᠠᠯᠠᠩ ᠥᠢᠯᠡᠳᠪᠥᠷᠢᠯᠡᠯ ᠨᠢ ᠬᠥᠷᠥᠰᠥ ᠰᠢᠷᠣᠢ ᠳᠤ ᠥᠵᠡᠭᠦᠯᠬᠦ ᠡᠪᠳᠡᠯᠡᠭᠡ ᠶᠢᠨ ᠴᠢᠨᠠᠷ ᠨᠢ ᠲᠣᠩ ᠶᠡᠭᠡ ᠪᠠᠶᠢᠳᠠᠭ ᠪᠣᠯᠪᠠᠴᠥ ᠲᠡᠭᠦᠨ ᠤ ᠬᠥᠮᠥᠨ ᠲᠥᠷᠥᠯᠬᠢᠳᠡᠡ ᠤ ᠠᠮᠢᠳᠣᠷᠠᠯ ᠳᠤ ᠥᠵᠡᠭᠦᠯᠬᠦ ᠥᠢᠯᠡᠳᠥᠯ ᠢ ᠭᠡᠡ ᠴᠥ ᠥᠭᠡᠶᠢᠰᠭᠡᠵᠥ ᠴᠢᠳᠠᠬᠤ ᠥᠭᠡᠢ ᠶᠣᠮ᠃ ᠲᠠᠷᠢᠶᠠᠯᠠᠩ ᠥᠢᠯᠡᠳᠪᠥᠷᠢᠯᠡᠯ ᠨᠢ ᠬᠥᠮᠥᠨ ᠲᠥᠷᠥᠯᠬᠢᠳᠡᠡ ᠤ ᠪᠣᠳᠠᠰ ᠤᠨ ᠠᠮᠢᠳᠣᠷᠠᠯ ᠯᠤᠭ᠎ᠠ ᠨᠢᠬᠳᠠ ᠬᠤᠯᠪᠣᠭ᠎ᠠ ᠲᠠᠢ ᠪᠠᠷ ᠪᠠᠷᠠᠬᠤ ᠥᠭᠡᠢ ᠣᠶᠣᠠ ᠤ ᠠᠮᠢᠳᠣᠷᠠᠯ ᠲᠠᠢ ᠴᠥ ᠨᠢᠬᠳᠠ ᠬᠤᠯᠪᠣᠭ᠎ᠠ ᠲᠠᠢ ᠪᠠᠶᠢᠳᠠᠭ᠂ ᠲᠡᠷᠡ ᠨᠢ ᠥᠡᠭᠭᠡᠷᠡᠭᠰᠡᠡ ᠤ ᠠᠮᠢᠳᠣᠷᠠᠯ ᠳᠤ ᠴᠢᠬᠤᠯᠠ ᠥᠢᠯᠡᠳᠥᠯ ᠥᠵᠡᠭᠦᠯᠵᠥ ᠪᠠᠶᠢᠬᠰᠠᠠ ᠢᠶᠠᠷ ᠥᠯᠥ ᠪᠠᠷᠠᠮ ᠢᠷᠡᠭᠡᠳᠥᠢ ᠶᠢᠨ ᠠᠮᠢᠳᠣᠷᠠᠯ ᠳᠤ ᠴᠥ ᠴᠢᠬᠤᠯᠠ ᠥᠢᠯᠡᠳᠥᠯ ᠥᠵᠡᠬᠦᠯᠬᠦ ᠪᠣᠯᠣᠨ᠎ᠠ᠃ ᠬᠡᠪᠡᠴᠥ ᠵᠥᠢ ᠵᠣᠬᠢᠰ ᠥᠭᠡᠢ ᠪᠠᠷ ᠠᠳᠠᠷ ᠬᠠᠭᠠᠯᠪᠣᠷᠢᠯᠠᠬᠤ ᠨᠢ ᠬᠥᠷᠥᠰᠥ ᠰᠢᠷᠣᠢ ᠳᠤ ᠶᠡᠷᠥ ᠨᠢ ᠬᠠᠯᠠ ᠲᠠᠢ ᠪᠠᠶᠢᠳᠠᠭ ᠲᠣᠯᠠ ᠬᠥᠮᠥᠰ ᠡᠨᠡ ᠠᠰᠠᠭᠤᠳᠠᠯ ᠢ ᠠᠯᠢ ᠡᠷᠳᠡ ᠠᠴᠠ ᠠᠩᠬᠠᠷᠣᠯ ᠳᠠᠭᠠᠨ ᠠᠪᠴᠥ᠂ ᠣᠯᠠᠠ ᠵᠥᠢᠯ ᠤᠨ ᠠᠷᠭ᠎ᠠ ᠬᠡᠮᠵᠢᠶ᠎ᠡ ᠪᠠᠷ ᠬᠥᠷᠥᠰᠥᠨ ᠤ ᠡᠪᠳᠡᠭᠳᠡᠯ ᠢ ᠰᠡᠷᠭᠡᠶᠢᠯᠡᠬᠦ ᠪᠠᠷ ᠴᠢᠷᠮᠠᠶᠢᠭᠰᠠᠭᠠᠷ ᠢᠷᠡᠵᠡᠢ᠃ ᠡᠬᠦᠨ ᠳᠤ ᠮᠣᠩᠭᠤᠯᠴᠣᠳ ᠤᠨ ᠲᠠᠷᠢᠶ᠎ᠠ ᠪᠠᠨ ᠲᠠᠷᠢᠵᠣ ᠠᠷᠠᠴᠢᠯᠠᠬᠤ ᠶᠠᠪᠣᠴᠠ ᠳᠠᠭᠠᠨ ᠬᠥᠷᠥᠰᠥ ᠰᠢᠷᠣᠢ ᠶᠢ ᠬᠠᠮᠠᠭᠠᠯᠠᠬᠤ ᠪᠠᠷ ᠠᠪᠴᠣ ᠪᠠᠶᠢᠬᠰᠠᠠ ᠠᠷᠭ᠎ᠠ ᠬᠡᠯᠪᠡᠷᠢ ᠶᠢ ᠲᠣᠣᠷᠠᠬᠢ ᠮᠡᠳᠥ ᠬᠤᠷᠢᠶᠠᠩᠭᠤᠢᠢᠯᠠᠠ ᠥᠵᠡᠵᠥ ᠪᠣᠯᠣᠨ᠎ᠠ᠃      ᠣᠰᠣᠯᠠᠬᠤ ᠪᠠ ᠪᠣᠷᠳᠣᠭᠤᠷ ᠣᠷᠣᠭᠤᠯᠵᠣ ᠬᠠᠮᠠᠭᠠᠯᠠᠳᠠᠬ᠃ ᠬᠥᠷᠥᠰᠥ ᠰᠢᠷᠣᠢ ᠳᠤ ᠰᠢᠮ᠎ᠡ ᠲᠡᠵᠢᠭᠡᠯ ᠨᠥᠬᠦᠬᠦ ᠳᠤ ᠣᠰᠣᠯᠠᠬᠤ ᠪᠠ ᠪᠣᠷᠳᠣᠭᠤᠷ ᠣᠷᠣᠭᠤᠯᠬᠤ ᠠᠷᠭ᠎ᠠ ᠭᠡᠵᠥ ᠪᠠᠶᠢᠳᠠᠭ᠃ ᠣᠯᠠᠠ ᠤ ᠮᠡᠳᠡᠭᠡᠵᠢ ᠪᠠᠷ ᠣᠰᠣ ᠥᠭᠡᠢ ᠪᠣᠯ ᠲᠠᠷᠢᠶ᠎ᠠ ᠲᠥᠮᠥᠰᠥ ᠣᠷᠭᠤᠬᠤ ᠴᠢᠳᠠᠪᠣᠷᠢ ᠪᠠᠨ ᠠᠯᠳᠠᠵᠣ᠂ ᠬᠤᠷᠢᠶᠠᠯᠳᠠ ᠶᠢ ᠪᠠᠳᠣᠯᠠᠵᠣ ᠴᠢᠳᠠᠬᠤ ᠥᠭᠡᠢ ᠪᠣᠯᠳᠠᠭ᠃ ᠮᠣᠩᠭᠤᠯᠴᠣᠳ ᠲᠠᠷᠢᠶᠠᠯᠠᠩ ᠥᠢᠯᠡᠳᠪᠥᠷᠢᠯᠡᠯ ᠡᠷᠬᠢᠯᠡᠬᠦ ᠳᠡᠭᠡᠨ ᠭᠤᠣᠯᠳᠠᠭᠤ ᠲᠡᠭᠷᠢ ᠶᠢᠨ ᠴᠢᠷᠠᠢ ᠶᠢ ᠬᠠᠷᠠᠵᠣ ᠬᠤᠷ᠎ᠠ ᠪᠣᠷᠣᠭᠠᠠ ᠳᠤ ᠲᠥᠰᠢᠭᠯᠡᠳᠡᠭ ᠪᠠᠶᠢᠬᠰᠠᠠ ᠴᠥ ᠣᠰᠣᠯᠠᠬᠤ ᠶᠠᠪᠣᠳᠠᠯ ᠢ ᠠᠯᠢ ᠡᠷᠳᠡ ᠠᠩᠬᠠᠷᠣᠯ ᠳᠠᠭᠠᠨ ᠠᠪᠣᠭᠰᠠᠠ ᠪᠠᠶᠢᠨ᠎ᠠ᠃ ᠠᠷᠠᠳ ᠤᠨ ᠲᠣᠮᠳᠠ ᠭᠠᠵᠠᠷ ᠣᠰᠣᠯᠠᠬᠤ ᠪᠠ ᠲᠠᠷᠢᠶ᠎ᠠ ᠣᠰᠣᠯᠠᠬᠤ ᠭᠡᠬᠦ ᠬᠤᠶᠠᠷ ᠶᠠᠩᠵᠣ ᠶᠢᠨ ᠠᠷᠭ᠎ᠠ ᠭᠡᠯᠪᠡᠷᠢ ᠪᠠᠶᠢᠳᠠᠭ᠃ ᠭᠠᠵᠠᠷ ᠣᠰᠣᠯᠠᠬᠤ ᠭᠡᠳᠡᠭ ᠨᠢ ᠮᠣᠩᠭᠤᠯᠴᠣᠳ ᠣᠰᠣᠯᠠᠬᠤ ᠨᠥᠬᠦᠴᠡᠯ ᠬᠥᠢᠴᠡᠳ ᠲᠠᠷᠢᠶᠠᠠ ᠭᠠᠵᠠᠷ ᠢᠶᠠᠨ ᠲᠠᠷᠢᠬᠤ ᠠᠴᠠ ᠪᠠᠨ ᠡᠮᠥᠨ᠎ᠡ ᠣᠰᠣᠯᠠᠬᠤ ᠶᠢ ᠬᠡᠯᠡᠨ᠎ᠡ᠃ ᠡᠨᠡ ᠨᠢ ᠬᠤᠷ᠎ᠠ ᠪᠣᠷᠣᠭᠠᠠ ᠲᠣᠳᠠᠭᠳᠠᠭᠰᠠᠠ ᠥᠶ᠎ᠡ ᠳᠤ ᠲᠠᠷᠢᠶᠠᠠ ᠥᠷ᠎ᠡ ᠰᠣᠶᠣᠭᠠᠯᠠᠵᠣ ᠴᠢᠳᠠᠬᠤ ᠥᠭᠡᠢ ᠪᠣᠯᠬᠤ ᠠᠰᠠᠭᠤᠳᠠᠯ ᠢ ᠰᠢᠢᠳᠪᠥᠷᠢᠯᠡᠳᠡᠭ᠃ ᠲᠠᠷᠢᠶ᠎ᠠ ᠣᠰᠣᠯᠠᠬᠤ ᠭᠡᠳᠡᠭ ᠨᠢ ᠭᠤᠣᠯᠳᠠᠭᠤ ᠲᠠᠷᠢᠶ᠎ᠠ ᠪᠠᠨ ᠲᠠᠷᠢᠬᠰᠠᠠ ᠤ ᠲᠠᠷᠠᠭ᠎ᠠ ᠭᠠᠨᠭ᠍ᠳᠠᠬᠤ ᠥᠶ᠎ᠡ ᠳᠤ ᠣᠰᠣᠯᠠᠬᠤ ᠶᠢ ᠬᠡᠯᠡᠨ᠎ᠡ᠃ ᠡᠭᠦᠨ ᠳᠤ ᠣᠰᠣᠯᠠᠬᠤ ᠲᠤᠭ᠎ᠠ ᠶᠢ ᠵᠢᠯ ᠤᠨ ᠬᠤᠷ᠎ᠠ ᠪᠣᠷᠣᠭᠠᠠ ᠪᠣᠶᠣ ᠲᠠᠷᠢᠶᠠᠠ ᠭᠠᠵᠠᠷ ᠤᠨ ᠪᠠᠶᠢᠴᠠ ᠶᠢᠨ ᠠᠳᠠᠯᠢ ᠪᠣᠰᠣ ᠶᠢ ᠥᠡᠳᠥᠰᠥᠯᠡᠡ ᠲᠣᠭᠳᠠᠭᠠᠵᠣ᠂ ᠬᠤᠷ᠎ᠠ ᠲᠣᠨᠣᠳᠠᠰᠣᠠ ᠤ ᠬᠡᠮᠵᠢᠶ᠎ᠡ ᠪᠠᠭ᠎ᠠ᠂ ᠲᠠᠷᠢᠶᠠᠠ ᠭᠠᠵᠠᠷ ᠤᠨ ᠪᠠᠶᠢᠴᠠ ᠨᠢ ᠥᠡᠳᠥᠷ ᠰᠢᠭ ᠪᠣᠯ ᠢᠯᠡᠭᠦᠥ ᠭᠡᠳᠥ ᠣᠳᠠᠭ᠎ᠠ ᠣᠰᠣᠯᠠᠠ᠂ ᠬᠤᠷ᠎ᠠ ᠲᠣᠨᠣᠳᠠᠰᠣᠠ ᠤ ᠬᠡᠮᠵᠢᠶ᠎ᠡ ᠨᠢ ᠶᠡᠭᠡ ᠂ ᠲᠠᠷᠢᠶᠠᠠ ᠭᠠᠵᠠᠷ ᠨᠢ ᠨᠠᠮ ᠲᠣᠣᠷ᠎ᠠ ᠪᠣᠯ ᠲᠣᠳᠠᠭᠤ ᠬᠡᠳᠥ ᠣᠳᠠᠭ᠎ᠠ ᠣᠰᠣᠯᠠᠳᠠᠭ᠃      ᠣᠰᠣᠯᠠᠬᠤ ᠪᠠᠷ ᠲᠠᠮᠵᠢᠨ ᠬᠥᠷᠥᠰᠥ ᠰᠢᠷᠣᠢ ᠶᠢᠨ ᠭᠡᠷᠡᠭᠰᠡᠬᠦ ᠰᠢᠮ᠎ᠡ ᠲᠡᠵᠢᠭᠡᠯ ᠢ ᠬᠠᠨᠭ᠍ᠭᠠᠬᠤ ᠶᠢᠨ ᠲᠠᠭᠠᠣ ᠪᠣᠷᠳᠣᠭᠤᠷ ᠣᠷᠣᠭᠤᠯᠬᠤ ᠬᠡᠯᠪᠡᠷᠢ ᠪᠠᠷ ᠬᠥᠷᠥᠰᠥ ᠰᠢᠷᠣᠢ ᠶᠢᠨ ᠴᠢᠨᠠᠷ ᠢ ᠲᠡᠭᠡᠭᠰᠢᠯᠡᠭᠦᠯᠳᠡᠭ᠃ ᠥᠡᠭᠭᠡᠷᠡᠭᠰᠡᠡ ᠳᠤ ᠬᠢᠮᠢ ᠶᠢᠨ ᠪᠣᠷᠳᠣᠭᠤᠷ ᠭᠡᠵᠥ ᠪᠠᠶᠢᠭ᠎ᠠ ᠥᠭᠡᠢ ᠲᠣᠯᠠ ᠭᠤᠣᠯᠳᠠᠭᠤ ᠮᠠᠯ ᠣᠨᠣᠭᠠᠠ ᠤ ᠰᠢᠬᠡᠭ ᠢ ᠪᠣᠷᠳᠣᠭᠤᠷ ᠪᠣᠯᠭᠠᠠ ᠬᠡᠷᠡᠭᠯᠡᠳᠡᠭ ᠪᠠᠶᠢᠪᠠ᠃ ᠮᠠᠯ ᠣᠨᠤᠭ᠎ᠠ᠂ ᠭᠠᠭ᠋ᠠᠢ ᠲᠠᠬᠢᠶᠠᠠ ᠰᠢᠬᠡᠭ᠂ ᠡᠪᠡᠰᠥ ᠲᠠᠷᠢᠶᠠᠠ ᠤ ᠰᠥᠷᠡᠯ᠂ ᠥᠨᠡᠰᠥ ᠬᠤᠭ ᠢ ᠴᠣᠭᠯᠠᠭᠤᠯᠣᠠ᠂ ᠲᠠᠷᠠᠭ᠎ᠠ ᠨᠢ ᠣᠰᠣ ᠬᠢᠵᠥ ᠢᠯᠵᠢᠷᠡᠭᠦᠯᠥᠨ ᠲᠠᠷᠢᠶᠠᠠ ᠭᠠᠵᠠᠷ ᠲᠠᠭᠠᠨ ᠣᠷᠣᠭᠤᠯᠳᠠᠬ ᠪᠥᠭᠡᠳ ᠪᠠᠰᠠ ᠨᠠᠭᠤᠷ ᠤᠨ ᠰᠢᠪᠠᠷ᠂ ᠬᠠᠨᠵᠣᠠ ᠤ ᠰᠢᠷᠣᠢ᠂ ᠨᠣᠳᠤᠭ ᠤᠨ ᠪᠠᠭᠤᠷᠢ ᠶᠢᠨ ᠰᠢᠷᠣᠢ ᠵᠡᠷᠭᠡ ᠶᠢ ᠴᠥ ᠲᠠᠷᠢᠶᠠᠠ ᠭᠠᠵᠠᠷ ᠲᠠᠭᠠᠨ ᠣᠷᠣᠭᠤᠯᠳᠠᠬ᠃ ᠡᠳᠡᠭᠡᠷ ᠪᠣᠷᠳᠣᠭᠤᠷ ᠲᠤ ᠠᠽᠣᠲ᠂ ᠺᠡᠯᠢ᠂ ᠹᠣᠰᠹᠣᠷ ᠵᠡᠷᠭᠡ ᠠᠭᠤᠯᠵᠣ ᠪᠠᠶᠢᠳᠠᠭ ᠠᠴᠠ ᠣᠷᠭᠤᠮᠠᠯ ᠤᠨ ᠥᠰᠥᠯᠳᠡ ᠳᠤ ᠠᠰᠢᠬᠳᠠᠢ ᠪᠥᠭᠡᠳ ᠬᠥᠷᠥᠰᠥ ᠰᠢᠷᠣᠢ ᠶᠢ ᠰᠢᠮᠡᠵᠢᠭᠦᠯᠥᠨ ᠵᠥᠭᠡᠯᠡᠷᠡᠭᠦᠯᠵᠥ᠂ ᠥᠡᠭ ᠰᠢᠮᠡᠯᠢᠭ ᠪᠣᠯᠭᠠᠳᠠᠭ ᠪᠠᠶᠢᠨ᠎ᠠ᠃ ᠮᠣᠩᠭᠤᠯᠴᠣᠳ ᠤᠨ ᠪᠣᠷᠳᠣᠭᠤᠷ ᠬᠡᠷᠡᠭᠯᠡᠬᠦ ᠡᠴᠥᠰ ᠤᠨ ᠵᠣᠷᠢᠯᠭ᠎ᠠ ᠨᠢ ᠬᠥᠷᠥᠰᠥ ᠰᠢᠷᠣᠢ ᠶᠢᠨ ᠴᠢᠨᠠᠷ ᠢ ᠲᠡᠭᠡᠭᠰᠢᠯᠡᠭᠦᠯᠬᠦ ᠳᠤ ᠪᠣᠢ᠃ ᠬᠥᠷᠥᠰᠥ ᠰᠢᠷᠣᠢ ᠥᠡᠭ ᠰᠢᠮᠡᠯᠢᠭ ᠪᠣᠯᠴᠢᠬᠠᠪᠠᠯ ᠲᠠᠷᠢᠶ᠎ᠠ ᠲᠥᠮᠥᠰᠥ ᠮᠡᠳᠥ ᠶᠢᠨ ᠣᠷᠭᠤᠮᠠᠯ ᠰᠠᠶᠢᠨ ᠣᠷᠭᠤᠬᠤ ᠪᠠᠷ ᠪᠠᠷᠠᠬᠤ ᠥᠭᠡᠢ ᠬᠥᠷᠥᠰᠥ ᠰᠢᠷᠣᠢ ᠲᠠᠴᠢᠷᠳᠠᠠ ᠮᠠᠭᠤᠳᠠᠬᠤ ᠪᠠ ᠡᠯᠡᠭᠳᠡᠡ ᠬᠡᠶᠢᠰᠬᠦ ᠠᠴᠠ ᠵᠠᠶᠢᠯᠠᠰᠬᠢᠵᠣ ᠴᠢᠳᠠᠳᠠᠭ ᠪᠠᠶᠢᠨ᠎ᠠ᠃
 
ᠢᠷᠡᠯᠲᠡ᠄ ᠣᠯᠠᠭᠠᠨᠬᠳᠠ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号