ᠨᠢᠯᠬ᠎ᠠ ᠲᠤᠭᠤᠯ ᠬᠠᠷᠠᠬᠠᠨ ᠪᠦᠷᠢᠨ ᠭᠦᠢᠴᠡᠳ ᠪᠤᠶᠢᠵᠢᠵᠤ ᠠᠮᠵᠢᠭ᠎ᠠ ᠦᠭᠡᠢ ᠪᠤᠯᠬᠤᠷ ᠭᠠᠳᠠᠭᠠᠳᠤ | ᠤᠷᠴᠢᠨ ᠳᠤ ᠵᠤᠭᠢᠴᠠᠬᠤ ᠴᠢᠳᠠᠪᠤᠷᠢ ᠨᠢ ᠠᠨᠠᠢ ᠪᠠᠶᠢᠳᠠᠭ᠃ ᠲᠡᠭᠦᠨ ᠤ ᠬᠤᠳᠤᠭᠤᠳᠤ ᠭᠡᠳᠡᠰᠤ ᠨᠢ ᠬᠤᠭᠤᠰᠤᠨ ᠠᠴᠠ | ᠪᠤᠯᠵᠤ᠂ ᠱᠦᠭᠦᠷᠡᠯ ᠤᠨ ᠤᠢᠢᠯᠳᠠ ᠪᠠᠷ ᠲᠤᠳᠠᠮᠠᠭ ᠪᠠᠶᠢᠵᠤ᠂ ᠰᠢᠩᠭᠡᠭᠡᠯᠳᠡ ᠶᠢᠨ ᠢᠰᠭᠡᠭᠦᠷ ᠨᠢ ᠢᠳᠡᠪᠭᠢ ᠪᠢᠰᠢ᠂ | ᠬᠤᠳᠤᠭᠤᠳᠤ ᠪᠡ ᠭᠡᠳᠡᠰᠤᠨ ᠤ ᠬᠠᠨ᠎ᠠ ᠲᠡᠭᠡᠷ᠎ᠡ ᠨᠢᠯᠴᠠᠭᠠᠢ ᠰᠢᠩᠭᠡᠨ ᠦᠭᠡᠢ ᠲᠤᠯᠠ ᠪᠠᠺᠲ᠋ᠧᠷᠢ ᠠᠮᠠᠷᠬᠠᠨ ᠴᠢᠰᠤ ᠪᠠᠷ | ᠲᠠᠮᠵᠢᠨ ᠡᠪᠡᠳᠴᠢᠨ ᠡᠭᠦᠰᠭᠡᠳᠡᠭ᠃ ᠨᠢᠯᠬ᠎ᠠ ᠲᠤᠭᠤᠯ ᠤᠨ ᠮᠡᠳᠡᠷᠡᠯ ᠤᠨ ᠰᠢᠰᠲ᠋ᠧᠮ ᠨᠢ ᠪᠦᠷᠢᠮᠤᠰᠤᠨ | ᠲᠡᠭᠦᠯᠳᠡᠷᠵᠢᠭᠡᠳᠤᠢ ᠠᠴᠠ ᠪᠤᠯᠵᠤ᠂ ᠠᠮᠠᠷᠬᠠᠨ ᠭᠠᠳᠠᠭᠠᠳᠤ ᠤᠷᠴᠢᠨ ᠤ ᠨᠦᠯᠤᠭᠡ ᠠᠴᠠ ᠡᠪᠡᠳᠴᠢᠯᠡᠳᠡᠭ᠃ | ᠡᠶᠢᠮᠤ ᠠᠴᠠ ᠨᠢᠯᠬ᠎ᠠ ᠲᠤᠭᠤᠯ ᠤᠨ ᠠᠷᠠᠴᠢᠯᠠᠭ᠎ᠠ ᠲᠡᠵᠢᠭᠡᠯᠭᠡ ᠶᠢ ᠤᠨᠴᠠ ᠴᠢᠬᠤᠯᠠᠴᠢᠯᠠᠬᠤ ᠭᠡᠷᠡᠭᠳᠡᠢ᠃ | ︵1︶ ᠲᠤᠭᠤᠯ ᠤᠨ ᠠᠮᠢᠰᠬᠤᠭ᠎ᠠ ᠠᠪᠬᠤ ᠶᠢ ᠪᠠᠳᠤᠯᠠᠬᠤ᠃ ᠨᠢᠯᠬ᠎ᠠ ᠲᠤᠭᠤᠯ ᠤᠨ ᠠᠮᠢᠰᠬᠤᠯ ᠬᠤᠷᠢᠭᠳᠠᠬᠤ | ᠪᠤᠶᠤ ᠠᠮᠢᠰᠬᠤᠯ ᠭᠦᠴᠢᠷᠳᠡᠭᠦ ᠨᠢ ᠶᠡᠷᠦᠳᠡᠭᠡᠨ ᠪᠡᠷᠭᠡ ᠲᠦᠯᠯᠡᠯᠳᠡ ᠠᠴᠠ ᠡᠭᠦᠰᠳᠡᠭ᠃ ᠡᠶᠢᠮᠤ ᠠᠴᠠ ᠬᠠᠮᠤᠭ | ᠲᠡᠷᠢᠭᠦᠨ ᠳᠤ ᠵᠠᠪᠠᠯ ᠠᠮᠠ ᠬᠠᠮᠠᠷ ᠤᠨ ᠨᠢᠯᠴᠠᠭᠠᠢ ᠰᠢᠩᠭᠡᠨ ᠪᠤᠶᠤ ᠤᠨᠳᠤᠤ ᠪᠤᠳᠠᠰ ᠢ ᠠᠷᠢᠯᠭᠠᠨ ᠴᠡᠪᠡᠷᠯᠡᠵᠤ | ᠦᠭᠭᠦᠨ᠎ᠡ᠃ ᠪᠤᠳᠠᠳᠠᠢ ᠠᠷᠭ᠎ᠠ ᠨᠢ ᠲᠤᠭᠤᠯ ᠤᠨ ᠲᠤᠯᠤᠭᠠᠢ ᠶᠢ ᠲᠤᠷᠤᠭᠰᠢ ᠲᠠᠷᠤᠬᠤ ᠪᠤᠶᠤ ᠬᠤᠶᠢᠳᠤ ᠬᠤᠶᠠᠷ | ᠮᠦᠴᠢ ᠠᠴᠠ ᠨᠢ ᠲᠡᠭᠡᠭᠰᠢ ᠡᠷᠭᠦᠪᠡᠯ᠂ ᠠᠮᠠ ᠬᠠᠮᠠᠷ ᠲᠤᠳᠤᠷᠠᠭᠢ ᠨᠢᠯᠴᠠᠭᠠᠢ ᠰᠢᠩᠭᠡᠨ ᠪᠤᠶᠤ ᠤᠨᠳᠤᠤ ᠪᠤᠳᠠᠰ ᠨᠢ | ᠦᠪᠡᠷ ᠢᠶᠠᠨ ᠤᠷᠤᠰᠤᠨ ᠭᠠᠷᠳᠠᠭ᠃ ᠲᠠᠷᠠᠭ᠎ᠠ ᠨᠢ ᠭᠦᠮᠤᠨ ᠤ ᠭᠦᠴᠤ ᠪᠠᠷ ᠠᠮᠢᠰᠬᠤᠭ᠎ᠠ ᠭᠢᠵᠤ ᠦᠭᠭᠦᠨ᠎ᠡ᠃ | ︵2︶ ᠭᠦᠢᠰᠤ ᠶᠢ ᠨᠢ ᠠᠷᠢᠭᠤᠳᠬᠠᠬᠤ᠃ ᠭᠡᠪ ᠤᠨ ᠠᠮᠢᠰᠬᠤᠯ ᠲᠠᠢ ᠪᠤᠯᠤᠭᠰᠠᠨ ᠤ ᠲᠠᠷᠠᠭ᠎ᠠ᠂ ᠲᠤᠭᠤᠯ ᠤᠨ | ᠭᠦᠢᠰᠤ ᠠᠴᠠ ᠨᠢ ᠴᠢᠰᠤ ᠭᠠᠷᠴᠤ ᠪᠠᠶᠢᠬᠤ ᠡᠰᠡᠭᠦ ᠶᠢ ᠰᠠᠶᠢᠳᠤᠷ ᠪᠠᠶᠢᠴᠠᠭᠠᠵᠤ᠂ ᠭᠡᠷᠪᠡ ᠴᠢᠰᠤ ᠭᠠᠷᠴᠤ ᠪᠠᠶᠢᠪᠠᠯ | ᠠᠷᠢᠭᠤᠳᠬᠠᠭᠰᠠᠨ ᠭᠦᠪᠤᠩ ᠢᠶᠠᠷ ᠲᠠᠷᠤᠵᠤ ᠪᠠᠶᠢᠭᠠᠳ ᠴᠢᠰᠤ ᠭᠠᠷᠬᠤ ᠶᠢ ᠵᠤᠭᠰᠤᠭᠠᠨ᠎ᠠ᠃ ᠭᠦᠢᠰᠤᠨ ᠲᠤᠳᠤᠷ᠎ᠠ | ᠦᠯᠡᠳᠡᠭᠰᠡᠨ ᠴᠢᠰᠤ ᠶᠢ ᠰᠢᠬᠠᠨ ᠦᠭᠴᠤ᠂ ᠦᠨᠳᠤᠷ ᠦᠳᠭᠡᠴᠡ ᠲᠠᠢ ᠢᠤᠳ᠋ ᠤᠨ ᠬᠠᠨᠳᠠ ᠪᠤᠶᠤ ᠪᠤᠰᠤᠳ | ᠠᠷᠢᠭᠤᠳᠬᠠᠬᠤ ᠰᠢᠩᠭᠡᠨ ᠲᠦᠷᠭᠢᠵᠤ ᠦᠭᠭᠦᠨ᠎ᠡ᠃ 2 ᠡᠳᠤᠷ ᠤᠨ ᠲᠠᠷᠠᠭ᠎ᠠ ᠭᠦᠢᠰᠤ ᠶᠢᠨ ᠦᠷᠪᠢᠰᠤᠯ ᠡᠭᠦᠰᠦᠭᠰᠡᠨ | ᠡᠰᠡᠭᠦ ᠶᠢ ᠪᠠᠶᠢᠴᠠᠭᠠᠵᠤ᠂ ᠭᠦᠢᠰᠤ ᠨᠢ ᠭᠡᠪ ᠤᠨ ᠦᠶ᠎ᠡ ᠳᠤ ᠲᠤᠩ ᠵᠦᠭᠡᠯᠡᠨ ᠪᠠᠶᠢᠵᠤ᠂ ᠭᠡᠷᠪᠡ ᠪᠠᠺᠲ᠋ᠧᠷᠢ | ᠬᠠᠯᠳᠠᠪᠤᠷᠢᠯᠠᠭᠰᠠᠨ ᠪᠤᠯ ᠲᠤᠭᠤᠯ ᠨᠢ ᠴᠤᠭ ᠰᠦᠯᠳᠡ ᠦᠭᠡᠢ ᠪᠦᠭᠡᠳ ᠭᠦᠢᠰᠤᠨ ᠤ ᠤᠷᠴᠢᠨ ᠲᠤᠭᠤᠷᠢᠨ ᠨᠢ | ᠤᠯᠠᠶᠢᠨ ᠬᠠᠪᠤᠳᠴᠤ᠂ ᠭᠠᠷ ᠭᠦᠷᠭᠦ ᠳᠤ ᠡᠪᠡᠳᠦᠳᠡᠭ᠃ | ︵3︶ ᠤᠭᠤᠷᠠᠭ ᠰᠦ ᠭᠦᠭᠦᠭᠦᠯᠭᠦ᠃ ᠤᠭᠤᠷᠠᠭ ᠰᠦ᠋ᠨ ᠲᠤᠳᠤᠷ᠎ᠠ ᠶᠡᠭᠡ ᠭᠡᠮᠵᠢᠶᠡᠨ ᠤ ᠰᠢᠮ᠎ᠡ ᠲᠡᠵᠢᠭᠡᠯᠳᠤ | ᠪᠤᠳᠠᠰ ᠪᠤᠯᠤᠨ ᠪᠦᠮᠪᠤᠭᠡᠯᠢᠭ ᠤᠭᠤᠷᠠᠭ᠂ ᠪᠠᠺᠲ᠋ᠧᠷᠢ ᠠᠭᠤᠰᠬᠠᠬᠤ ᠢᠰᠭᠡᠭᠦᠷ ᠵᠡᠷᠭᠡ ᠠᠭᠤᠯᠤᠭᠳᠠᠳᠠᠭ᠃ ᠲᠡᠷᠡ ᠨᠢ | ᠦᠰᠤᠯᠳᠡ ᠪᠤᠶᠢᠵᠢᠯᠳᠠ ᠶᠢ ᠪᠠᠳᠤᠯᠠᠵᠤ ᠴᠢᠳᠠᠬᠤ ᠮᠦᠷᠳᠡᠭᠡᠨ ᠡᠪᠡᠳᠴᠢᠨ ᠡᠰᠡᠷᠭᠦᠴᠡᠭᠦ ᠴᠢᠳᠠᠪᠤᠷᠢ ᠶᠢ | ᠲᠡᠭᠡᠭᠰᠢᠯᠡᠭᠦᠯᠵᠤ ᠴᠢᠳᠠᠨ᠎ᠠ᠃ ᠲᠤᠭᠤᠯ ᠳᠤ ᠦᠭᠭᠦ ᠤᠭᠤᠷᠠᠭ ᠤᠨ ᠭᠡᠮᠵᠢᠶ᠎ᠡ ᠤᠳᠠᠭ᠎ᠠ ᠪᠦᠷᠢ ᠪᠡᠶ᠎ᠡ ᠶᠢᠨ ᠭᠦᠨᠳᠤ ᠶᠢᠨ | 5% ᠠᠴᠠ ᠭᠡᠳᠤᠷᠡᠵᠤ ᠪᠤᠯᠬᠤ ᠦᠭᠡᠢ᠃ ᠤᠭᠤᠷᠠᠭ ᠰᠦ ᠶᠢ ᠵᠠᠪᠠᠯ ᠬᠠᠯᠠᠭᠤᠨ ᠤᠰᠤᠨ ᠲᠤᠳᠤᠷ᠎ᠠ ᠰᠠᠭᠤᠯᠭᠠᠨ | 39 ᠭᠷᠡᠳᠦ᠋ᠰ ᠪᠤᠯᠳᠠᠯ᠎ᠠ ᠬᠠᠯᠠᠭᠤᠯᠤᠭᠰᠠᠨ ᠤ ᠲᠠᠷᠠᠭ᠎ᠠ ᠦᠭᠭᠦᠨ᠎ᠡ᠃ | ︵4︶ ᠦᠨᠢᠶ᠎ᠡ ᠪᠡ ᠲᠤᠭᠤᠯ ᠢ ᠲᠤᠰᠠᠭᠠᠷᠯᠠᠬᠤ᠃ ᠨᠢᠯᠬ᠎ᠠ ᠲᠤᠭᠤᠯ ᠨᠢ ᠡᠪᠡᠳᠴᠢᠨ ᠢ ᠡᠰᠡᠷᠭᠦᠴᠡᠭᠦ | ᠴᠢᠳᠠᠪᠤᠷᠢ ᠲᠤᠷᠤᠢ ᠪᠠᠶᠢᠳᠠᠭ ᠠᠴᠠ ᠦᠨᠢᠶ᠎ᠡ ᠪᠠ ᠲᠤᠭᠤᠯ ᠢ ᠲᠤᠰᠠᠭᠠᠷᠯᠠᠵᠤ᠂ ᠲᠤᠭᠤᠯ ᠢ ᠠᠷᠢᠭᠤᠨ ᠴᠡᠪᠡᠷ ᠪᠦᠭᠡᠳ | ᠬᠠᠭᠤᠷᠠᠢ ᠤᠷᠴᠢᠨ ᠲᠤᠭᠤᠷᠢᠨ ᠳᠤ ᠰᠢᠯᠵᠢᠭᠦᠯᠭᠦ ᠴᠢᠬᠤᠯᠠᠳᠠᠢ᠃ | | | | | | | | | | | | ᠁ |