ᠪᠢᠳᠡᠭᠡᠢ ᠤᠳᠠᠭᠠᠨ ᠠᠯᠬᠤᠭᠠᠷᠠᠢ᠃ ᠵᠠᠷᠢᠮ ᠨᠠᠰᠤᠳᠠᠶᠢᠴᠤᠳ ᠢᠯᠡᠬᠦᠦ ᠠᠯᠬᠤᠪᠠᠯ ᠪᠡᠶ᠎ᠡ ᠮᠠᠬᠠᠪᠤᠳ ᠲᠤ | ᠠᠰᠢᠭᠲᠠᠶ ᠭᠡᠵᠦ ᠦᠵᠡᠭᠡᠳ ᠦᠷᠭᠦᠯᠵᠢ ᠬᠡᠳᠦᠨ ᠲᠦᠮᠡᠨ ᠠᠯᠬᠤᠮ ᠢᠶᠠᠷ ︽ᠬᠡᠳᠦᠷᠡᠳᠡᠯ᠎ᠡ ᠠᠯᠬᠤᠵᠤ︾ ᠪᠠᠶᠢᠳᠠᠬ᠂ | ᠡᠨᠡ ᠨᠢ ᠦᠨᠡᠨ ᠳᠡᠭᠡᠨ ᠰᠢᠨᠵᠢᠯᠡᠬᠦ ᠤᠬᠠᠭᠠᠨᠴᠢ ᠪᠢᠰᠢ ᠪᠦᠭᠡᠳ ᠴᠢᠨᠠᠬᠰᠢᠯᠠᠨ ᠦᠶ᠎ᠡ ᠭᠡᠰᠢᠭᠦᠦ ᠶᠢ ᠨᠢ ᠭᠡᠮᠲᠦᠭᠡᠵᠦ | ᠮᠡᠳᠡᠨ᠎ᠡ᠃ ᠨᠠᠰᠤᠲᠠᠶᠢᠴᠤᠳ ᠲᠤ ᠠᠪᠴᠤ ᠬᠡᠯᠡᠪᠡᠯ᠂ ᠡᠳᠦᠷ ᠪᠦᠷᠢ ᠭᠤᠷᠪᠠ ᠳᠥᠷᠪᠡᠨ ᠮᠢᠩᠭᠠᠨ ᠠᠯᠬᠤᠮ ᠠᠯᠬᠤᠪᠠᠯ | ᠲᠣᠬᠢᠷᠠᠮᠵᠢᠲᠠᠶ ᠪᠦᠭᠡᠳ ᠬᠡᠲᠦ ᠲᠦᠷᠭᠡᠨ ᠠᠯᠬᠤᠬᠰᠠᠨ ᠤ ᠬᠡᠷᠡᠭ ᠦᠭᠡᠢ᠃ ᠶᠠᠳᠠᠷᠠᠪᠠᠯ ᠲᠡᠷᠡ ᠲᠤᠤᠷ᠎ᠠ ᠪᠠᠨ | ᠠᠯᠬᠤᠬᠤ ᠪᠠᠨ ᠵᠤᠬᠰᠤᠵᠤ ᠠᠮᠠᠷᠠᠬᠤ ᠬᠡᠷᠡᠭᠲᠡᠶ᠃ | ᠪᠢᠳᠡᠬᠡᠢ ᠤᠳᠠᠭᠠᠨ ᠵᠤᠬᠰᠤᠭᠠᠷᠠᠢ᠃ ᠨᠠᠰᠤᠳᠠᠶᠢᠴᠤᠳ ᠬᠡᠳᠦ ᠤᠳᠠᠭᠠᠨ ᠴᠠᠬ ᠢᠶᠠᠷ ᠵᠤᠬᠰᠤᠪᠠᠯ ᠬᠥᠯ ᠤᠨ | ᠴᠢᠰᠤᠨ ᠤ ᠡᠷᠭᠢᠯᠲᠡ ᠳᠤᠨᠢ ᠠᠰᠢᠭ ᠦᠭᠡᠢ ᠪᠦᠭᠡᠳ ᠴᠢᠨᠠᠬᠰᠢᠯᠠᠨ ᠨᠠᠮᠵᠢᠭᠤᠨ ᠰᠤᠳᠠᠯ ᠬᠦᠷᠪᠠᠶᠢᠬᠦ ᠡᠪᠡᠳᠴᠢᠨ | ᠤᠯᠵᠤ ᠮᠡᠳᠡᠨ᠎ᠡ᠃ ᠤᠨᠴᠠᠭᠠᠶᠢᠯᠠᠨ ︽ᠴᠢᠰᠤᠨ ᠦᠭᠡᠭᠦ ᠴᠢᠰᠤᠨ ᠲᠠᠷᠤᠯᠳᠠ ᠴᠢᠰᠦᠨ ᠰᠢᠭᠢᠷ ᠥᠨᠳᠥᠷ︾ | ᠨᠠᠰᠤᠳᠠᠶᠢᠴᠤᠳ ᠤᠳᠠᠭᠠᠨ ᠵᠣᠭᠰᠣᠪᠠᠯ ᠲᠠᠷᠢᠬᠢᠨ ᠴᠢᠰᠤᠨ ᠤ ᠬᠠᠩᠭᠠᠯᠲᠠ ᠨᠢ ᠬᠦ᠋ᠷᠦᠯᠴᠡᠬᠦ ᠦᠭᠡᠢ ᠪᠤᠯᠵᠤ᠂ ᠰᠠ | ᠡᠪᠡᠳᠴᠢᠨ ᠡᠭᠦᠰᠭᠡᠵᠦ ᠮᠡᠳᠡᠨ᠎ᠡ᠃ ᠡᠶᠢᠮᠦ ᠠᠴᠠ ᠨᠠᠰᠤᠲᠠᠶᠢᠴᠤᠳ ᠵᠣᠭᠰᠣᠬᠤ ᠳᠠᠭᠠᠨ 20 ᠮᠢᠨᠦ᠋ᠲ ᠠᠴᠠ | ᠬᠡᠲᠦᠷᠡᠵᠦ ᠪᠣᠯᠬᠤ ᠦᠭᠡᠢ᠂ ᠡᠳᠦᠷ ᠪᠦᠷᠢ ᠤᠨᠲᠠᠬᠤ ᠠᠴᠠ ᠪᠠᠨ ᠡᠮᠦᠨ᠎ᠡ ᠴᠢᠳᠠᠬᠤ ᠶᠢᠨ ᠲᠤᠳᠤᠷ᠎ᠠ ᠬᠥᠯ ᠢᠶᠠᠨ | ᠤᠬᠢᠶᠠᠵᠤ ᠪᠠᠶᠢᠭᠠᠷᠠᠢ᠃ | ᠪᠢᠲᠡᠭᠡᠶ ᠤᠳᠠᠭᠠᠨ ᠰᠠᠭᠤᠭᠠᠷᠠᠢ᠃ ᠵᠠᠷᠢᠮ ᠨᠠᠰᠤᠲᠠᠶᠢᠴᠤᠳ ᠲᠧᠯᠸᠢᠰ ᠦᠵᠡᠬᠦ᠂ ᠰᠢᠲᠠᠷ᠎ᠠ ᠨᠠᠭᠠᠳᠬᠤ | ᠳᠤᠷᠠᠲᠠᠶ ᠪᠤᠯᠬᠤᠷ ᠰᠠᠨᠠᠮᠰᠠᠷ ᠦᠭᠡᠢ ᠪᠠᠷ ᠤᠳᠠᠭᠠᠨ ᠰᠠᠭᠤᠳᠠᠬ᠃ ᠤᠳᠠᠭᠠᠨ ᠰᠠᠭᠤᠬᠤ ᠨᠢ ᠠᠷᠤᠭ ᠶᠠᠰᠤᠨ ᠤ | ᠬᠥᠳᠡᠯᠭᠡᠭᠡᠨ ᠤ ᠠᠵᠢᠯᠯᠠᠭᠠᠨ ᠤ ᠡᠷᠴᠢᠮ ᠪᠠ ᠳᠠᠪᠲᠠᠮᠵᠢ ᠶᠢ ᠶᠡᠭᠡ ᠪᠠᠷ ᠪᠠᠭᠤᠷᠠᠭᠤᠯᠵᠤ᠂ ᠶᠠᠰᠤᠨ ᠤ ᠡᠳ᠋ | ᠰᠡᠶᠢᠷᠡᠭᠵᠢᠬᠦ ᠠᠬᠢᠴᠠ ᠶᠢ ᠲᠦᠷᠭᠡᠳᠬᠡᠳᠡᠭ᠃ ᠤᠳᠠᠭᠠᠨ ᠰᠠᠭᠤᠬᠤ ᠨᠢ ᠪᠠᠰᠠ ᠬᠦᠵᠦᠭᠦᠨ ᠬᠡᠰᠡᠭ ᠤᠨ ᠪᠤᠯᠴᠢᠩ ᠪᠠ | ᠬᠦᠵᠦᠭᠦᠦ ᠰᠡᠭᠡᠷ ᠢ ᠤᠷᠳᠤ ᠬᠤᠭᠤᠴᠠᠭ᠎ᠠ ᠪᠠᠷ ᠲᠣᠭᠲᠠᠮᠠᠯ ᠪᠠᠶᠢᠷᠢᠨ ᠳᠤ ᠪᠠᠶᠢᠯᠭᠠᠳᠠᠬ ᠠᠴᠠ ᠪᠤᠯᠵᠤ ᠲᠣᠯᠣᠭᠠᠢ | ᠡᠪᠡᠳᠬᠦ ᠪᠠ ᠬᠦᠵᠦᠭᠦᠦ ᠰᠡᠭᠡᠷ ᠤᠨ ᠡᠪᠡᠳᠴᠢᠨ ᠢ ᠡᠭᠦᠰᠭᠡᠳᠡᠭ᠃ ᠡᠶᠢᠮᠦ ᠠᠴᠠ ᠨᠠᠰᠤᠳᠠᠶᠢᠴᠤᠳ ᠮᠠᠨᠢ ᠬᠠᠭᠠᠰ ᠴᠠᠭ | ᠰᠠᠭᠤᠪᠠᠯ ᠪᠣᠰᠴᠤ ᠵᠣᠭᠰᠣᠭᠠᠳ 3 ~ 5 ᠮᠢᠨᠦ᠋ᠲ ᠤᠨ ᠬᠥᠳᠡᠯᠭᠡᠭᠡᠨ ᠬᠢᠵᠦ ᠪᠠᠶᠢᠭᠠᠷᠠᠢ᠃ | ᠪᠢᠲᠡᠭᠡᠶ ᠤᠳᠠᠭᠠᠨ ᠬᠡᠪᠲᠡᠬᠡᠷᠡᠢ᠃ ᠣᠯᠠᠩᠬᠢ ᠨᠠᠰᠤᠲᠠᠶᠢᠴᠤᠳ ᠤᠨ ᠴᠢᠰᠤᠨ ᠤ ᠡᠷᠭᠢᠯᠲᠡ ᠨᠢ ᠮᠠᠭᠤᠳᠠᠬᠰᠠᠨ | ᠪᠤᠯᠬᠤᠷ ᠤᠳᠠᠭᠠᠨ ᠬᠡᠪᠲᠡᠪᠡᠯ ᠠᠷᠠᠰᠤ ᠨᠢ ᠤᠯᠠᠶᠢᠬᠤ ᠪᠤᠶᠤ ᠢᠯᠵᠢᠷᠡᠳᠡᠭ᠃ ᠤᠳᠠᠭᠠᠨ ᠬᠡᠪᠲᠡᠪᠡᠯ ᠪᠠᠰᠠ ᠪᠤᠯᠴᠢᠩ | ᠠᠪᠴᠢᠵᠤ᠂ ᠬᠤᠷᠭᠤᠰᠣᠯᠠᠬᠤ ᠠᠶᠤᠯ ᠲᠠᠢ ᠪᠠᠶᠢᠳᠠᠬ᠃ ᠬᠡᠷᠪᠡ ᠡᠪᠡᠳᠴᠢᠨ ᠤ ᠰᠢᠯᠲᠠᠭᠠᠨ ᠠᠴᠠ ᠪᠣᠯᠵᠤ ᠤᠳᠠᠭᠠᠨ | ᠬᠡᠪᠲᠡᠬᠦ ᠳᠤ ᠬᠦᠷᠪᠡᠯ᠂ ᠶᠠᠷ᠎ᠠ ᠭᠠᠷᠬᠤ ᠠᠴᠠ ᠬᠢᠴᠢᠶᠡᠵᠦ᠂ ᠬᠡᠶᠢᠲᠦ ᠳᠡᠪᠢᠰᠬᠡᠷ ᠬᠡᠷᠡᠭᠯᠡᠵᠦ ᠪᠣᠯᠤᠨ᠎ᠠ᠂ ᠡᠶᠢᠮᠦ | ᠳᠡᠪᠢᠰᠬᠡᠷ ᠨᠢ ᠪᠡᠶ᠎ᠡ ᠶᠢᠨ ᠬᠡᠰᠡᠭ ᠭᠠᠵᠠᠷ ᠲᠤ ᠬᠦᠴᠦᠳᠡᠢ ᠳᠠᠷᠤᠯᠲᠠ ᠦᠭᠴᠦ᠂ ᠴᠢᠰᠤᠨ ᠤ ᠡᠷᠭᠢᠯᠲᠡ ᠶᠢ | ᠰᠠᠶᠢᠵᠢᠷᠠᠭᠤᠯᠳᠠᠬ᠂ ᠡᠶᠢᠮᠦ ᠠᠴᠠ ᠬᠡᠶᠢᠲᠦ ᠳᠡᠪᠢᠰᠬᠡᠷ ᠨᠢ ᠬᠥᠪᠥᠩ ᠳᠡᠪᠢᠰᠬᠡᠷ ᠢ ᠪᠤᠳᠤᠪᠠᠯ ᠬᠡᠢ ᠨᠡᠪᠲᠡᠷᠡᠬᠦ | ᠴᠢᠨᠠᠷ ᠢᠶᠠᠷ ᠰᠠᠶᠢᠨ ᠪᠠᠶᠢᠳᠠᠭ ᠶᠤᠮ᠃ | ᠪᠢᠳᠡᠭᠡᠢ ᠤᠳᠠᠭᠠᠨ ᠦᠵᠡᠬᠡᠷᠡᠢ᠃ ᠨᠠᠰᠤᠲᠠᠶᠢᠴᠤᠳ ᠨᠢᠳᠦ ᠪᠠᠨ ᠬᠡᠲᠦᠷᠬᠡᠶ ᠬᠡᠷᠡᠭᠯᠡᠪᠡᠯ᠂ ᠬᠠᠷᠠᠭ᠎ᠠ ᠪᠠᠯᠠᠷᠠᠬᠤ᠂ | ᠨᠢᠳᠦ ᠬᠠᠭᠤᠷᠠᠶᠢᠰᠢᠬᠤ᠂ ᠬᠠᠷᠠᠭᠠᠨ ᠮᠡᠳᠡᠷᠡᠯ ᠭᠡᠮᠲᠦᠬᠦ᠂ ᠰᠢᠷ᠎ᠠ ᠲᠣᠯᠪᠣᠲᠤ ᠡᠪᠡᠳᠴᠢᠨ ᠤᠯᠬᠤ ᠵᠡᠷᠭᠡ ᠪᠠᠶᠢᠳᠠᠯ | ᠢᠯᠡᠷᠡᠳᠡᠭ᠃ ᠡᠶᠢᠮᠦ ᠠᠴᠠ ᠤᠳᠠᠭᠠᠨ ᠲᠧᠯᠸᠢᠰ ᠦᠵᠡᠬᠦ ᠪᠤᠶᠤ ᠨᠣᠮ ᠦᠵᠡᠵᠦ ᠪᠣᠯᠬᠤ ᠦᠭᠡᠢ᠂ 20 ᠮᠢᠨᠦ᠋ᠲ | ᠪᠣᠯᠬᠤ ᠪᠦᠷᠢ ᠬᠠᠷᠠᠭ᠎ᠠ ᠪᠠᠨ ᠰᠢᠯᠵᠢᠭᠦᠯᠬᠦ ᠪᠤᠶᠤ ᠲᠦᠷ ᠨᠢᠳᠦ ᠪᠠᠨ ᠠᠨᠢᠵᠤ᠂ 5 ᠰᠧᠺᠦ᠋ᠨ᠋ᠳ᠋ ᠥᠩᠭᠡᠷᠡᠪᠡᠯ ᠰᠠᠶ᠋ᠢ | ᠨᠢᠳᠦ ᠪᠠᠨ ᠨᠡᠭᠡᠭᠡᠷᠠᠢ᠃ ᠡᠳᠦᠷ ᠲᠣᠲᠤᠮ ᠤᠨ ᠠᠮᠢᠳᠤᠷᠠᠯ ᠳᠤᠮᠳᠠ᠂ ᠨᠢᠳᠦ ᠪᠠᠨ ᠦᠷᠭᠦᠯᠵᠢ ᠠᠨᠢᠪᠴᠢᠵᠤ᠂ ᠨᠢᠳᠦᠨ | ᠪᠤᠯᠴᠢᠩ ᠢᠶᠠᠨ ᠪᠣᠯᠪᠠᠰᠤᠷᠠᠭᠤᠯᠵᠦ ᠪᠠᠶᠢᠭᠠᠷᠠᠢ︔ ᠪᠠᠰᠠ ᠨᠢᠳᠦ ᠪᠠᠨ ᠳᠡᠭᠡᠭᠰᠢ᠂ ᠳᠣᠷᠣᠭᠰᠢ᠂ ᠵᠡᠭᠦᠨᠰᠢ᠂ ᠪᠠᠷᠠᠭᠤᠨᠰᠢ | ᠡᠷᠭᠢᠯᠳᠦᠭᠦᠯᠬᠦ ᠬᠦᠳᠡᠯᠭᠡᠭᠡᠨ ᠬᠢᠬᠡᠷᠡᠢ᠃ ᠨᠠᠰᠤᠲᠠᠶᠢᠴᠤᠳ ᠪᠠᠰᠠ ᠶᠡᠷᠦ ᠶᠢᠨ ᠦᠶ᠎ᠡ ᠳᠡᠭᠡᠨ ᠤᠳᠪᠠᠯᠠ ᠴᠡᠴᠡᠭ | ᠱᠢᠷᠦᠨ ᠤᠨᠵᠢᠯᠭ᠎ᠠ ᠲᠠᠢ ᠬᠠᠷ᠎ᠠ ᠴᠠᠢ ᠤᠤᠭᠤᠵᠤ ᠡᠯᠢᠭᠡᠨ ᠬᠠᠯᠠᠭᠤᠨ ᠢ ᠠᠷᠢᠯᠭᠠᠨ ᠨᠢᠳᠤ ᠪᠠᠨ ᠬᠠᠮᠠᠭᠠᠯᠠᠬᠤ ᠶᠢ | ᠬᠢᠴᠢᠶᠡᠭᠡᠷᠡᠢ᠃ | | | | | | | | | | | ᠁ |