ᠪᠠᠶᠢᠩᠭᠤ ᠴᠤᠺᠤᠯᠡᠳ᠋ ᠢᠲᠡᠪᠡᠯ ᠢᠲᠡᠷ ᠨᠠᠰᠦᠨ ᠤ ᠬᠦᠮᠦᠨ ᠤ ᠰᠤᠨᠤᠷ ᠮᠠᠭᠤᠲᠠᠬᠤ ᠶᠢ ᠤᠲᠠᠭᠠᠰᠢᠷᠠᠭᠤᠯᠵᠤ ᠪᠤᠯᠤᠨ᠎ᠠ
ᠨᠡᠶᠢᠲᠡᠯᠡᠭᠰᠡᠨ ᠴᠠᠭ᠄
2019/5/22
       ᠴᠤᠺᠤᠯᠠᠳ᠋ ᠢ ᠵᠤᠬᠢᠬᠤ ᠬᠡᠮᠵᠢᠶ᠎ᠡ ᠪᠠᠷ ᠢᠲᠡᠪᠡᠯ ᠡᠷᠡᠬᠦᠯ ᠳᠤ ᠲᠤᠰᠠᠳᠠᠢ ᠭᠡᠲᠡᠭ ᠢ ᠤᠷᠢᠲᠤ ᠶᠢᠨ ᠰᠤᠳᠤᠯᠭᠠᠨ ᠢᠶᠠᠷ ᠢᠯᠡᠷᠡᠬᠦᠯᠦᠭᠰᠡᠨ ᠪᠢᠯᠠ᠃ ᠺᠤᠷᠢᠶᠠ ᠶᠢᠨ ᠨᠢᠭᠡᠨ ᠰᠤᠳᠤᠯᠭᠠᠨ ᠤ ᠰᠢᠨ᠎ᠡ ᠳ᠋ᠦᠩ ᠠᠴᠠ ᠦᠵᠡᠪᠡᠯ᠂ ᠢᠲᠡᠷ ᠨᠠᠰᠦᠨ ᠤ ᠬᠦᠮᠦᠨ ᠪᠠᠶᠢᠩᠭᠤ ᠴᠤᠺᠤᠯᠡᠳ᠋ ᠢᠲᠡᠪᠡᠯ ᠰᠤᠨᠤᠷ ᠮᠠᠭᠤᠲᠠᠬᠤ ᠶᠢ ᠤᠲᠠᠭᠠᠰᠢᠷᠠᠭᠤᠯᠵᠤ ᠪᠤᠯᠤᠨ᠎ᠠ᠃ ᠰᠸᠦ᠋ᠯ ᠶᠡᠭᠡ ᠰᠤᠷᠭᠠᠭᠤᠯᠢ ᠶᠢᠨ ᠡᠮᠨᠡᠯᠭᠡ ᠶᠢᠨ ᠬᠤᠷᠢᠶᠠᠨ ᠤ ᠨᠢᠭᠡᠨ ᠰᠤᠳᠤᠯᠭᠠᠨ ᠤ ᠳᠤᠭᠤᠶᠢᠯᠠᠩ 2012-2013 ᠳᠤ ᠶᠠᠪᠤᠭᠤᠯᠤᠬᠰᠠᠨ ︽ᠺᠤᠷᠢᠶᠠ ᠶᠢᠨ ᠤᠯᠤᠰ ᠤᠨ ᠡᠷᠡᠬᠦᠯ ᠮᠠᠨᠳᠦ ᠪᠠ ᠰᠢᠮ᠎ᠡ ᠳᠡᠵᠢᠭᠡᠯ ᠤᠨ ᠳᠤᠬᠠᠢ ᠪᠠᠶᠢᠴᠠᠭᠠᠯᠲᠠ︾ ᠳᠤ 40 ᠠᠴᠠ 64 ᠨᠠᠰᠦᠨ ᠤ ᠬᠤᠭᠤᠷᠤᠨᠲᠤᠬᠢ 3575 ᠬᠦᠮᠦᠨ ᠤ ᠡᠨᠡ ᠳᠤᠬᠠᠢ ᠮᠡᠲᠡᠭᠡ ᠵᠠᠩᠬᠢ ᠶᠢ ᠠᠪᠴᠦ ᠵᠠᠲᠠᠯᠤᠯᠲᠠ ᠬᠢᠵᠡᠢ᠃ ᠳᠡᠭᠡᠭᠡᠳ ᠡᠲᠡᠭᠡᠷ ᠪᠤᠢ ᠪᠦᠬᠦᠢ ᠡᠷᠡᠭᠲᠡᠢ ᠡᠮᠡᠭᠲᠡᠢ ᠬᠦᠮᠦᠰ ᠲᠤ ᠴᠦᠮ ᠪᠡᠶ᠎ᠡ ᠶᠢᠨ ᠪᠠᠶᠢᠴᠠᠭᠠᠯᠲᠠ᠂ ᠡᠮᠴᠢ ᠶᠢᠨ ᠶᠠᠷᠢᠯᠴᠠᠯᠭ᠎ᠠ᠂ ᠰᠤᠨᠤᠷ ᠤᠨ ᠦᠨᠡᠯᠡᠨ ᠵᠢᠱᠢᠯᠲᠠ᠂ ᠴᠢᠬᠢ ᠱᠣᠣᠭᠢᠬᠤ ᠳᠤᠬᠠᠢ ᠪᠠᠶᠢᠴᠠᠭᠠᠯᠲᠠ ᠪᠠ ᠰᠢᠮ᠎ᠡ ᠲᠡᠵᠢᠭᠡᠯ ᠤᠨ ᠳᠤᠬᠠᠢ ᠪᠠᠶᠢᠴᠠᠭᠠᠯᠲᠠ ᠬᠢᠭᠰᠡᠨ ᠪᠠᠶᠢᠨ᠎ᠠ᠃ ᠢᠩᠬᠢᠭᠡᠳ ᠴᠤᠺᠤᠯᠠᠳ᠋ ᠢᠲᠡᠲᠡᠭ ᠦᠭᠡᠢ ᠬᠦᠮᠦᠰ ᠤᠨ ᠰᠤᠨᠤᠷ ᠮᠠᠭᠤᠲᠠᠬᠤ ᠠᠰᠠᠭᠤᠲᠠᠯ ᠭᠠᠷᠬᠤ ᠬᠠᠷᠢᠴᠠᠯ ᠨᠢ ᠪᠠᠷᠤᠭ 36% ᠪᠠᠶᠢᠵᠤ᠂ ᠪᠠᠶᠢᠩᠭᠤ ᠴᠤᠺᠤᠯᠠᠳ᠋ ᠢᠲᠡᠲᠡᠭ ᠬᠦᠮᠦᠰ ᠤᠨ ᠰᠤᠨᠤᠷ ᠮᠠᠭᠤᠲᠠᠬᠤ ᠠᠰᠠᠭᠤᠲᠠᠯ ᠭᠠᠷᠬᠤ ᠬᠠᠷᠢᠴᠠᠯ ᠨᠢ ᠪᠠᠷᠤᠭ 26.8% ᠪᠠᠶᠢᠬᠤ ᠶᠢ ᠰᠤᠳᠤᠯᠭᠠᠲᠠᠳ ᠤᠯᠵᠤ ᠮᠡᠲᠡᠵᠡᠢ᠃ ᠴᠤᠺᠤᠯᠠᠳ᠋ ᠲᠤ ᠠᠬᠤᠭᠤᠯᠤᠬᠲᠠᠭᠰᠠᠨ ᠢᠰᠦᠯᠳᠦᠬᠦᠯᠦᠭᠴᠢ ᠶᠢᠨ ᠡᠰᠡᠷᠬᠦ ᠡᠳ᠋ ᠨᠢ ᠰᠤᠨᠤᠷ ᠢ ᠬᠠᠮᠠᠭᠠᠯᠠᠬᠤ ᠦᠢᠯᠡᠳᠦᠯ ᠭᠠᠷᠭᠠᠭᠰᠠᠨ ᠪᠠᠶᠢᠵᠤ ᠮᠡᠲᠡᠨ᠎ᠡ ᠭᠡᠵᠤ ᠰᠤᠳᠤᠯᠭᠠᠳᠠᠳ ᠦᠵᠡᠵᠦ ᠪᠠᠶᠢᠨ᠎ᠠ᠃
 
ᠢᠷᠡᠯᠲᠡ᠄ ᠣᠯᠠᠭᠠᠨᠬᠳᠠ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号