ᠬᠡᠦᠭᠡᠳ ᠨᠦᠢᠷ ᠲᠤᠲᠠᠭᠤ ᠪᠤᠯᠪᠠᠯ ᠶᠠᠮᠠᠷ ᠠᠶᠤᠯ ᠲᠠᠢ ᠪᠤᠢ
ᠨᠡᠶᠢᠲᠡᠯᠡᠭᠰᠡᠨ ᠴᠠᠭ᠄
2019/6/18
    ᠠᠩᠭ᠍ᠯᠢ ᠶᠢᠨ ᠨᠢᠭᠡᠨ ᠰᠤᠳᠤᠯᠭᠠᠨ ᠤ ᠳ᠋ᠦᠩ ᠠᠴᠠ ᠦᠵᠡᠪᠡᠯ᠂ ᠬᠡᠦᠭᠡᠳ ᠨᠦᠢᠷ ᠲᠤᠲᠠᠭᠤ ᠪᠤᠯᠪᠠᠯ ᠬᠡᠳᠦ ᠮᠠᠷᠢᠶᠠᠯᠠᠬᠤ ᠪᠤᠯᠤᠮᠵᠢ ᠨᠢ ᠶᠡᠬᠡᠲᠡ ᠨᠡᠮᠡᠭᠲᠡᠬᠦ ᠪᠤᠯᠤᠨ᠎ᠠ᠃     ᠬᠡᠦᠭᠡᠳ ᠤᠨ ᠬᠡᠳᠦ ᠮᠠᠷᠢᠶᠠᠯᠠᠬᠤ ᠪᠠ ᠤᠨᠲᠠᠬᠤ ᠶᠢᠨ ᠬᠤᠭᠤᠷᠤᠨᠲᠤᠬᠢ ᠬᠠᠷᠢᠴᠠᠭ᠎ᠠ ᠶᠢ ᠰᠤᠳᠤᠯᠬᠤ ᠶᠢᠨ ᠳᠤᠰᠠᠲᠠ᠂ ᠠᠩᠭ᠍ᠯᠢ ᠶᠢᠨ ᠸᠧᠯᠢᠺ ᠶᠡᠭᠡ ᠰᠤᠷᠭᠠᠭᠤᠯᠢ ᠶᠢᠨ ᠰᠢᠨᠵᠢᠯᠡᠬᠦ ᠤᠬᠠᠭᠠᠨᠲᠠᠳ ᠦᠩᠭᠡᠷᠡᠭᠰᠡᠨ ᠤ 42 ᠵᠦᠢᠯ ᠤᠨ ᠳᠤᠷᠰᠢᠯᠲᠠ ᠶᠢᠨ ᠦᠷ᠎ᠡ ᠳ᠋ᠦᠩ ᠢ ᠵᠠᠲᠠᠯᠤᠨ ᠰᠢᠨᠵᠢᠯᠡᠵᠡᠢ᠃ ᠡᠳᠡᠭᠡᠷ ᠳᠤᠷᠰᠢᠯᠲᠠ ᠨᠢ 7.5 ᠳᠦᠮᠡᠨ 18 ᠨᠠᠰᠦᠨ ᠠᠴᠠ ᠲᠤᠷᠤᠭᠰᠢᠬᠢ ᠬᠡᠦᠭᠡᠳ ᠪᠠ ᠵᠠᠯᠠᠭᠤᠴᠤᠳ ᠪᠠᠭᠠᠴᠤᠳ ᠲᠤ ᠬᠤᠯᠪᠤᠬᠲᠠᠵᠤ᠂ ᠲᠠᠭᠠᠵᠤ ᠰᠤᠷᠪᠤᠯᠵᠢᠯᠠᠬᠰᠠᠨ ᠳᠤᠮᠳᠠᠴᠢ ᠴᠠᠭ ᠨᠢ ᠭᠤᠷᠪᠠᠨ ᠵᠢᠯ ᠪᠤᠯᠤᠨ᠎ᠠ᠃ ᠰᠤᠳᠤᠯᠤᠬᠴᠢᠳ ᠠᠰᠠᠭᠤᠯᠲᠠ ᠶᠢᠨ ᠬᠠᠭᠤᠲᠠᠰᠦ ᠲᠠᠭᠯᠠᠭᠤᠯᠬᠤ ᠪᠠ ᠪᠠᠭᠠᠵᠢ ᠳᠦᠬᠦᠬᠡᠷᠤᠮᠵᠢ ᠵᠡᠬᠦᠯᠭᠡᠨ ᠰᠤᠳᠤᠯᠤᠬᠲᠠᠬᠤ ᠡᠲᠡᠭᠡᠳ ᠤᠨ ᠢᠶᠠᠨ ᠠᠵᠢᠯᠯᠠᠵᠤ ᠠᠮᠠᠷᠠᠬᠤ ᠲᠠᠳᠬᠠᠯ᠂ ᠡᠷᠡᠬᠦᠯ ᠮᠠᠨᠳᠦ ᠶᠢᠨ ᠪᠠᠶᠢᠲᠠᠯ ᠵᠢᠴᠢ ᠪᠡᠶ᠎ᠡ ᠶᠢᠨ ᠬᠦᠨᠳᠦ ᠶᠢᠨ ᠢᠯᠡᠳᠭᠡᠭᠴᠢ ᠲᠤᠭ᠎ᠠ ᠶᠢ ᠲᠤᠭᠲᠠᠮᠠᠯ ᠬᠤᠭᠤᠴᠠᠭ᠎ᠠ ᠲᠠᠢ ᠪᠠᠷ ᠤᠶᠢᠯᠠᠭᠠᠭᠰᠠᠨ ᠪᠠᠶᠢᠨ᠎ᠠ᠃ ᠡᠬᠦᠨ ᠤ ᠳ᠋ᠦᠩ ᠳᠤ ᠤᠯᠵᠤ ᠮᠡᠲᠡᠭᠰᠡᠨ ᠨᠢ᠂ ᠨᠦᠢᠷ ᠲᠤᠲᠠᠭᠤ ᠬᠡᠦᠭᠡᠳ ᠤᠨ ᠪᠡᠶ᠎ᠡ ᠶᠢᠨ ᠬᠦᠨᠳᠦ ᠶᠢᠨ ᠨᠡᠮᠡᠭᠲᠡᠬᠦ ᠬᠠᠷᠢᠴᠠᠯ ᠨᠢ ᠨᠠᠰᠦ ᠰᠠᠴᠠᠭᠤ ᠨᠦᠢᠷ ᠰᠠᠶᠢᠲᠠᠢ ᠬᠡᠦᠭᠡᠳ ᠤᠨ ᠬᠢ ᠠᠴᠠ ᠦᠨᠳᠦᠷ ᠪᠠᠶᠢᠨ᠎ᠠ᠂ ᠨᠦᠢᠷ ᠲᠤᠲᠠᠭᠤ ᠬᠡᠦᠭᠡᠳ ᠤᠨ ᠪᠡᠶ᠎ᠡ ᠶᠢᠨ ᠬᠦᠨᠳᠦ ᠪᠠᠷᠢᠮᠵᠢᠶ᠎ᠠ ᠠᠴᠠ ᠬᠡᠳᠦᠷᠡᠬᠦ ᠪᠤᠶᠤ ᠮᠠᠷᠢᠶᠠᠯᠠᠬᠤ ᠪᠤᠯᠤᠮᠵᠢ ᠨᠢ ᠨᠦᠢᠷ ᠰᠠᠶᠢᠲᠠᠢ ᠬᠡᠦᠭᠡᠳ ᠤᠨ ᠬᠢ ᠠᠴᠠ ᠳᠤᠮᠳᠠᠴᠢ ᠪᠠᠷ 58% ᠦᠨᠳᠦᠷ ᠪᠠᠶᠢᠨ᠎ᠠ᠃ ᠪᠤᠲᠠᠲᠠᠢ ᠪᠠᠷ ᠬᠡᠯᠡᠪᠡᠯ᠂ 4 — 11 ᠰᠠᠷ᠎ᠠ ᠪᠤᠯᠵᠤ ᠪᠠᠶᠢᠭ᠎ᠠ ᠨᠢᠯᠬ᠎ᠠ ᠬᠡᠦᠬᠡᠳ ᠤᠨ ᠤᠨᠲᠠᠭᠰᠠᠨ ᠴᠠᠭ ᠨᠢ 12 ᠴᠠᠭ ᠬᠦᠷᠬᠦ ᠦᠭᠡᠢ ᠦᠶ᠎ᠡ ᠳᠤ᠂ ᠬᠡᠳᠦ ᠮᠠᠷᠢᠶᠠᠯᠠᠬᠤ ᠳᠦᠭᠰᠢᠬᠦᠷᠢ ᠨᠢ 40% ᠢᠶᠠᠷ ᠲᠡᠭᠡᠭᠰᠢᠯᠡᠨ᠎ᠡ︔ 3 — 5 ᠨᠠᠰᠤᠳᠠᠢ ᠬᠡᠦᠬᠡᠳ ᠤᠨ ᠤᠨᠲᠠᠭᠰᠠᠨ ᠴᠠᠭ ᠨᠢ 10 ᠴᠠᠭ ᠬᠦᠷᠬᠦ ᠦᠭᠡᠢ ᠦᠶ᠎ᠡ ᠳᠤ᠂ ᠬᠡᠳᠦ ᠮᠠᠷᠢᠶᠠᠯᠠᠬᠤ ᠳᠦᠭᠰᠢᠬᠦᠷᠢ ᠨᠢ 57% ᠢᠶᠠᠷ ᠲᠡᠭᠡᠭᠰᠢᠯᠡᠨ᠎ᠡ︔ 6 — 13 ᠨᠠᠰᠤᠳᠠᠢ ᠬᠡᠦᠬᠡᠳ ᠤᠨ ᠤᠨᠲᠠᠭᠰᠠᠨ ᠴᠠᠭ ᠨᠢ 9 ᠴᠠᠭ ᠬᠦᠷᠬᠦ ᠦᠭᠡᠢ ᠦᠶ᠎ᠡ ᠳᠤ᠂ ᠬᠡᠳᠦ ᠮᠠᠷᠢᠶᠠᠯᠠᠬᠤ ᠳᠦᠭᠰᠢᠬᠦᠷᠢ ᠨᠢ 123% ᠢᠶᠠᠷ ᠲᠡᠭᠡᠭᠰᠢᠯᠡᠨ᠎ᠡ︔ 14 — 17 ᠨᠠᠰᠤᠳᠠᠢ ᠬᠡᠦᠬᠡᠳ ᠤᠨ ᠤᠨᠲᠠᠭᠰᠠᠨ ᠴᠠᠭ ᠨᠢ 8 ᠴᠠᠭ ᠬᠦᠷᠬᠦ ᠦᠭᠡᠢ ᠦᠶ᠎ᠡ ᠳᠤ᠂ ᠬᠡᠳᠦ ᠮᠠᠷᠢᠶᠠᠯᠠᠬᠤ ᠳᠦᠭᠰᠢᠬᠦᠷᠢ ᠨᠢ 30% ᠢᠶᠠᠷ ᠲᠡᠭᠡᠭᠰᠢᠯᠡᠨ᠎ᠡ᠃
 
ᠢᠷᠡᠯᠲᠡ᠄ ᠣᠯᠠᠭᠠᠨᠬᠳᠠ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号