ᠬᠡᠷᠰᠡᠩ ᠤᠨ ︽ᠰᠢᠳᠢᠳᠤ ᠷᠠᠰᠢᠶᠠᠨ︾ ᠮᠠᠯᠴᠢᠨ ᠲᠦᠮᠡᠨ ᠤ ᠪᠠᠨ ᠪᠠᠭ᠋ᠠᠷᠬᠠᠯ ᠳᠤ ᠬᠦᠷᠴᠤ ᠪᠤᠢ
ᠨᠡᠶᠢᠲᠡᠯᠡᠭᠰᠡᠨ ᠴᠠᠭ᠄
2020/12/18
     ᠲᠤᠮᠳᠠᠳᠤ ᠶᠢᠨ ᠰᠢᠯᠢᠳᠡᠭ ᠦᠪ ᠰᠤᠶᠤᠯ ᠢ ᠦᠪᠯᠡᠨ ᠵᠡᠯᠭᠠᠮᠵᠢᠯᠡᠵᠦ᠂ ᠮᠤᠩᠭᠤᠯ ᠠᠨᠠᠭᠠᠬᠤ ᠤᠬᠠᠭᠠᠨ ᠤ ᠤᠯᠠᠮᠵᠢᠯᠡᠯᠳᠤ ᠲᠠᠪᠤᠨ ᠵᠠᠰᠠᠯ ᠢ ᠰᠡᠷᠬᠦᠬᠡᠨ ᠬᠦᠭᠵᠢᠬᠦᠯᠬᠦ ᠪᠠ ᠮᠠᠯᠴᠢᠨ ᠲᠦᠮᠡᠨ ᠤ ᠡᠷᠡᠬᠦᠯ ᠡᠩᠬᠡ ᠶᠢ ᠪᠠᠳᠤᠯᠠᠬᠤ ᠪᠠᠷ ᠵᠤᠷᠢᠯᠭ᠎ᠠ ᠪᠤᠯᠭᠠᠭᠰᠠᠨ ᠤᠡᠭᠨᠢᠭᠤᠳ ᠬᠤᠰᠢᠭᠤᠨ ᠤ ᠬᠡᠷᠰᠡᠩ ᠰᠤᠮᠤᠨ ᠤ ᠡᠮᠨᠡᠯᠬᠡ ᠶᠢᠨ ᠬᠤᠷᠢᠶ ᠎ᠡ ᠨᠢ ᠬᠢᠵᠢᠭ ᠲᠠᠢ ᠲᠡᠮᠡᠴᠡᠬᠦ ᠠᠵᠢᠯ ᠢᠶᠠᠨ ᠰᠠᠶᠢᠳᠤᠷ ᠬᠢᠬᠦ ᠶᠢᠨ ᠲᠠᠭᠠᠤ ᠤᠯᠠᠮᠵᠢᠯᠡᠯᠳᠤ ᠲᠠᠪᠤᠨ ᠵᠠᠰᠠᠯ ᠤᠨ ᠨᠢᠬᠡ ᠪᠤᠯᠬᠤ ᠡᠮᠳᠤ ᠷᠠᠰᠢᠶᠠᠨ ᠵᠠᠰᠠᠯ ᠤᠨ ᠦᠢᠯᠡᠴᠢᠯᠡᠭᠡ ᠬᠠᠨᠭ᠍ᠭᠠᠵᠤ᠂ ᠮᠠᠯᠴᠢᠳ ᠤᠨ ᠬᠦᠯ ᠨᠢᠷᠤᠭᠤ ᠦᠶ ᠎ᠡ ᠬᠡᠰᠢᠬᠦᠦ ᠶᠢᠨ ᠬᠤᠶᠠᠩ ᠰᠢᠷ ᠎ᠠ ᠤᠰᠤᠨ ᠡᠪᠡᠳᠴᠢᠨ᠂ ᠲᠤᠯᠠᠢ ᠡᠪᠡᠳᠴᠢᠨ᠂ ᠰᠠ ᠡᠪᠡᠳᠴᠢᠨ᠂ ᠬᠡᠷᠦᠬᠦ ᠡᠪᠡᠳᠴᠢᠨ᠂ ᠡᠮᠡᠭᠳᠠᠢ ᠶᠢᠨ ᠡᠪᠡᠳᠴᠢᠨ᠂ ᠶᠠᠰᠤ ᠬᠤᠭᠤᠷᠠᠵᠦ ᠭᠠᠵᠢᠬᠰᠠᠨ ᠡᠪᠡᠳᠴᠢᠨ᠂ ᠠᠷᠠᠰᠤᠨ ᠡᠪᠡᠳᠴᠢᠨ᠂ ᠴᠤᠯᠤ ᠰᠠᠪᠠ ᠶᠢᠨ ᠡᠪᠡᠳᠴᠢᠨ ᠪᠠ ᠮᠠᠷᠢᠶᠠᠯᠠᠬᠤ ᠵᠡᠷᠬᠡ ᠶᠢ ᠲᠦᠢᠯᠪᠦᠷᠢᠳᠠᠢ ᠠᠨᠠᠭᠠᠨ ᠵᠠᠰᠠᠭᠠᠳ ᠬᠤᠯᠠ ᠤᠢᠢᠷ ᠎ᠠ ᠶᠢᠨ ᠬᠥᠮᠥᠰ ᠤᠨ ᠬᠠᠯᠠᠭᠤᠨ ᠬᠦᠷᠢᠶᠡᠯᠡᠯ ᠢ ᠤᠯᠵᠦ ᠪᠤᠢ᠃     ᠬᠡᠷᠰᠡᠩ ᠰᠤᠮᠤᠨ ᠤ ᠡᠮᠨᠡᠯᠬᠡ ᠶᠢᠨ ᠬᠤᠷᠢᠶᠠᠨ ᠤ ᠲᠠᠷᠤᠭ᠎ᠠ ᠪᠤᠤ ᠰᠢ ︽ᠮᠠᠨ ᠤ ᠡᠮᠨᠡᠯᠬᠡ ᠶᠢᠨ ᠬᠤᠷᠢᠶ ᠎ᠠ ᠨᠢ 1964 ᠤᠨ ᠳᠤ ᠪᠠᠶᠢᠭᠤᠯᠤᠭᠳᠠᠵᠦ᠂ ᠤᠳᠤ ᠪᠤᠯᠬᠤ ᠳᠤ 11 ᠡᠮᠴᠢ᠂ 8 ᠲᠦᠷ ᠴᠠᠭ ᠤᠨ ᠠᠵᠢᠯᠴᠢᠨ ᠪᠠᠶᠢᠵᠤ᠂ ᠡᠬᠦᠨ ᠳᠤ᠂ ᠲᠡᠳ᠋ ᠡᠷᠬᠢᠯᠡᠭᠴᠢ ᠡᠮᠴᠢ 2 ᠪᠤᠢ᠃ 2017 ᠤᠨ ᠳᠤ᠂ ᠮᠤᠩᠭᠤᠯ ᠡᠮᠴᠢ ᠶᠢᠨ ᠢᠶᠠᠨ ᠭᠠᠷ ᠠᠪᠤᠯᠭ᠎ᠠ ᠶᠢᠨ ᠲᠠᠪᠠᠭᠤᠯᠢᠭ ᠪᠠ ᠮᠠᠯᠴᠢᠳ ᠤᠨ ᠡᠪᠡᠳᠴᠢᠨ ᠤ ᠪᠠᠶᠢᠳᠠᠯ ᠳᠤ ᠴᠢᠭᠯᠡᠬᠦᠯᠦᠨ ᠵᠠᠭᠤ ᠭᠠᠷᠤᠢ ᠲᠦᠮᠡᠨ ᠲᠦᠬᠦᠷᠢᠭ ᠤᠨ ᠪᠡᠯᠡ ᠮᠦᠡᠭᠬᠦ ᠵᠠᠷᠤᠴᠠᠭᠤᠯᠵᠦ᠂ 300 ᠲᠡᠭᠰᠢ ᠲᠦᠷᠪᠡᠯᠵᠢᠨ ᠮᠧᠳ᠋ᠷ ᠤᠨ ᠤᠯᠠᠮᠵᠢᠯᠡᠯᠳᠤ ᠲᠠᠪᠤᠨ ᠵᠠᠰᠠᠯ ᠤᠨ ᠦᠷᠦᠬᠡ ᠶᠢ ᠪᠠᠶᠢᠭᠤᠯᠵᠤ᠂ 50 ᠡᠪᠡᠳᠴᠢᠳᠡᠨ ᠤ ᠤᠷᠤ ᠲᠠᠢ᠂ ᠢᠯᠢᠵᠦ ᠨᠤᠬᠤᠯᠠᠬᠤ᠂ ᠬᠠᠨᠠᠬᠤ᠂ ᠲᠦᠬᠡᠨᠡᠬᠦ᠂ ᠷᠠᠰᠢᠶᠠᠨ ︵ᠪᠠᠰᠠ ᠲᠡᠪᠳᠦᠬᠡᠭᠦ ᠵᠠᠰᠠᠯ ᠬᠡᠳᠡᠭ︶ ᠵᠡᠷᠬᠡ ᠲᠠᠪᠤᠨ ᠵᠠᠰᠠᠯ ᠢᠶᠠᠷ ᠮᠠᠯᠴᠢᠳ ᠤᠨ ᠦᠶ ᠎ᠡ ᠬᠡᠰᠢᠬᠦᠦ ᠶᠢᠨ ᠬᠤᠶᠠᠩ ᠰᠢᠷ ᠎ᠠ ᠤᠰᠤᠨ ᠡᠪᠡᠳᠴᠢᠨ ᠢ ᠠᠨᠠᠭᠠᠨ ᠵᠠᠰᠠᠬᠤ ᠳᠤ ᠲᠦᠬᠦᠮ ᠨᠦᠬᠦᠴᠡᠯ ᠬᠠᠨᠭ᠍ᠭᠠᠵᠤ ᠪᠠᠶᠢᠭ᠎ᠠ ᠶᠤᠮ︾ ᠭᠡᠪᠡ᠃     ᠷᠠᠰᠢᠶᠠᠨ ᠵᠠᠰᠠᠯ ᠢ ᠶᠡᠷᠦᠩᠬᠡᠢ ᠳᠤᠨᠢ ᠡᠮᠳᠤ ᠷᠠᠰᠢᠶᠠᠨ ᠪᠤᠯᠤᠨ ᠪᠠᠶᠢᠭᠠᠯᠢ ᠶᠢᠨ ᠷᠠᠰᠢᠶᠠᠨ ᠬᠡᠵᠦ ᠬᠤᠶᠠᠷ ᠲᠦᠷᠦᠯ ᠳᠤ ᠬᠤᠪᠢᠶᠠᠵᠤ᠂ ᠡᠮᠳᠤ ᠷᠠᠰᠢᠶᠠᠨ ᠨᠢ ᠴᠠᠪᠠᠷ ᠤᠰᠤᠨ ᠳᠤ ᠵᠤᠬᠢᠰᠳᠠᠢ ᠡᠮ ᠬᠤᠯᠢᠨ ᠴᠢᠨᠠᠵᠤ᠂ ᠭᠤᠤᠯᠳᠠᠭᠤ ᠦᠷᠬᠡᠰᠦᠳᠤ ᠠᠷᠴᠠ᠂ ᠠᠯᠳᠠᠨ ᠬᠠᠷᠠᠪᠤᠷ᠂ ᠪᠠᠯᠭᠤᠨ᠎ᠠ ᠮᠤᠳᠤ᠂ ᠵᠡᠭᠡᠷᠬᠡᠨ᠎ᠠ᠂ ᠠᠬᠢ ᠡᠪᠡᠰᠦ ᠵᠡᠷᠬᠡ ᠪᠠᠷ ᠨᠠᠶᠢᠷᠠᠭᠤᠯᠤᠭᠰᠠᠨ ᠡᠮᠲᠦ ᠷᠠᠰᠢᠶᠠᠨ ᠢᠶᠠᠷ ᠡᠪᠡᠳᠴᠢᠳᠡᠨ ᠤ ᠪᠡᠶ ᠎ᠡ ᠶᠢ ᠲᠡᠪᠳᠦᠬᠡᠬᠦ ᠪᠠᠷ ᠲᠠᠮᠵᠢᠭᠤᠯᠵᠦ ᠪᠦᠬᠦ ᠪᠡᠶ ᠎ᠡ ᠶᠢᠨ ᠬᠡᠢ ᠴᠢᠰᠤᠨ ᠤ ᠬᠦᠶᠦᠳᠡᠯ ᠢ ᠰᠠᠶᠢᠵᠢᠷᠠᠭᠤᠯᠤᠨ᠂ ᠪᠦᠯᠡᠭᠡ ᠰᠢᠷᠪᠤᠰᠤ ᠶᠢ ᠵᠦᠬᠡᠯᠡᠷᠡᠬᠦᠯᠵᠦ᠂ ᠰᠦᠪᠡ ᠰᠤᠳᠠᠰᠤ ᠶᠢ ᠨᠡᠪᠳᠡᠷᠡᠬᠦᠯᠦᠨ᠂ ᠮᠠᠬᠠᠪᠤᠳ ᠢ ᠲᠡᠭᠰᠢᠷᠡᠭᠦᠯᠵᠦ ᠪᠦᠬᠦ ᠪᠡᠶ ᠎ᠡ ᠶᠢᠨ ᠡᠷᠬᠡᠳᠡᠨ ᠨᠦᠭᠦᠳ ᠤᠨ ᠠᠵᠢᠯᠯᠠᠭ᠎ᠠ ᠶᠢ ᠰᠠᠶᠢᠵᠢᠷᠠᠭᠤᠯᠵᠦ᠂ ᠬᠠᠭᠤᠴᠢᠨ ᠠᠷᠬᠠᠭ ᠬᠡᠮ ᠢ ᠦᠨᠳᠤᠰᠤᠨ ᠠᠴᠠ ᠨᠢ ᠠᠨᠠᠭᠠᠬᠤ ᠦᠢᠯᠡᠳᠦᠯ ᠲᠠᠢ ᠪᠠᠶᠢᠳᠠᠭ᠃     ᠬᠡᠷᠰᠡᠩ ᠰᠤᠮᠤᠨ ᠤ ᠲᠠᠷᠤᠭ᠎ᠠ ᠲᠤᠩᠭᠠᠯᠠᠭ᠄ ︽ᠮᠠᠨ ᠤ ᠬᠡᠷᠰᠡᠩ ᠰᠤᠮᠤᠨ ᠤ ᠨᠠᠮ ᠤᠨ ᠬᠤᠷᠢᠶ ᠎ᠠ᠂ ᠵᠠᠰᠠᠭ ᠤᠨ ᠤᠷᠳᠤᠨ ᠡᠷᠡᠬᠦᠯ ᠮᠡᠨᠳᠤ ᠪᠠᠷ ᠶᠠᠳᠠᠭᠤ ᠶᠢ ᠲᠡᠳᠬᠦᠬᠦ ᠶᠢ ᠪᠤᠳᠠᠳᠠᠢ ᠠᠳᠬᠤᠵᠦ᠂ ᠡᠮᠨᠡᠯᠬᠡ ᠶᠢᠨ ᠬᠤᠷᠢᠶᠠᠨ ᠤ ᠰᠠᠭᠤᠷᠢ ᠪᠦᠳᠦᠬᠡᠨ ᠪᠠᠶᠢᠭᠤᠯᠤᠯᠳᠠ ᠶᠢ ᠴᠢᠩᠭᠠᠳᠬᠠᠠ᠂ ᠲᠦᠷᠦᠯ ᠵᠦᠢᠯ ᠢ ᠨᠠᠶᠢᠳᠠᠪᠤᠷᠢᠵᠢᠭᠤᠯᠵᠠᠢ᠃ ᠡᠬᠦᠨ ᠳᠤ᠂ ᠮᠠᠨ ᠤ ᠡᠮᠨᠡᠯᠬᠡ ᠶᠢᠨ ᠬᠤᠷᠢᠢ ᠎ᠠ ᠨᠢ ᠷᠠᠰᠢᠶᠠᠨ ᠵᠠᠰᠠᠯ ᠪᠤᠯᠤᠨ ᠴᠡᠬᠡᠨ ᠵᠠᠰᠠᠯ ᠢ ᠤᠶᠠᠯᠳᠤᠭᠤᠯᠤᠨ ᠡᠮᠴᠢᠯᠡᠭᠰᠡᠨ ᠠᠴᠠ 2019 ᠤᠨ ᠪᠤᠯᠬᠤ ᠳᠤ ᠡᠪᠡᠳᠴᠢᠨ ᠦᠵᠡᠭᠦᠯᠬᠦ ᠬᠥᠮᠥᠨ ᠤ ᠲᠤᠭ᠎ᠠ ᠤᠯᠠᠰᠢᠷᠠᠵᠤ᠂ ᠪᠡᠬᠡᠵᠢᠩ ᠂ ᠰᠢᠯᠢ ᠶᠢᠨ ᠭᠤᠤᠯ᠂ ᠲᠦᠩᠯᠢᠶᠤᠤ ᠵᠡᠷᠬᠡ ᠪᠤᠰᠤᠳ ᠠᠶᠢᠮᠠᠭ ᠬᠤᠳᠠ ᠠᠴᠠ ᠡᠪᠡᠳᠴᠢᠳᠡᠨ ᠢᠷᠡᠵᠦ ᠷᠠᠰᠢᠶᠠᠨ ᠳᠤ ᠤᠷᠤᠬᠤ ᠪᠤᠯᠤᠭᠰᠠᠨ ᠠᠴᠠ ᠤᠷᠤᠨ ᠰᠠᠭᠤᠴᠠ ᠬᠦᠷᠦᠯᠴᠡᠬᠦ ᠦᠬᠡᠢ ᠪᠠᠶᠢᠳᠠᠯ ᠢᠯᠡᠷᠡᠵᠤ᠂ ᠲᠠᠬᠢᠨ 500 ᠲᠡᠭᠰᠢ ᠲᠦᠷᠪᠡᠯᠵᠢᠨ ᠮᠧᠳ᠋ᠷ ᠪᠦ᠋ᠬᠦᠢ ᠤᠯᠠᠮᠵᠢᠯᠡᠯᠳᠤ ᠲᠠᠪᠤᠨ ᠵᠠᠰᠠᠯ ᠤᠨ ᠡᠷᠡᠬᠦᠯᠵᠢᠯ ᠤᠨ ᠲᠦᠪ ᠢ ᠦᠷᠬᠡᠳᠬᠡᠨ ᠪᠠᠶᠢᠭᠤᠯᠬᠤ ᠪᠠᠷ ᠪᠠᠶᠢᠨ᠎ᠠ︾ ᠭᠡᠪᠡ᠃     ᠡᠪᠡᠳᠴᠢᠳᠡᠳ ᠦᠷᠯᠦᠬᠡᠨ ᠤ ᠬᠤᠭᠤᠯᠠᠨ ᠤ ᠪᠠᠨ ᠲᠠᠷᠠᠭ᠎ᠠ ᠷᠠᠰᠢᠶᠠᠨ ᠳᠤ ᠤᠷᠤᠬᠤ ᠠᠴᠠ ᠡᠮᠦᠨ᠎ᠠ᠂ ᠬᠦᠬᠡᠷᠦᠯᠳᠡ ᠡᠬᠦᠰᠬᠦ ᠠᠴᠠ ᠰᠠᠷᠬᠡᠶᠢᠯᠡᠵᠤ ᠤᠷᠢᠳᠠᠪᠠᠷ ᠷᠠᠰᠢᠶᠠᠨ ᠢᠶᠠᠨ ᠤᠤᠭᠤᠬᠤ ᠪᠤᠶᠤ ᠲᠤᠯᠤᠭᠠᠢ ᠪᠠᠨ ᠱᠠᠪᠰᠢᠭᠰᠠᠨ ᠤ ᠳᠠᠷᠠᠭ᠎ᠠ ᠷᠠᠰᠢᠶᠠᠨ ᠳᠤ ᠤᠷᠤᠵᠤ 1 ᠠᠴᠠ 2 ᠴᠠᠭ ᠭᠠᠷᠤᠢ ᠰᠠᠭᠤᠵᠤ᠂ ᠦᠳᠡ ᠶᠢᠨ ᠬᠤᠶᠢᠨ᠎ᠠ ᠳᠠᠭᠠᠨ ᠲᠤᠷ ᠎ᠠ ᠪᠠᠬ᠎ᠠ ᠪᠠᠨ ᠦᠨᠳᠦᠰᠦᠯᠡᠵᠦ ᠴᠢᠯᠦᠭᠡᠲᠡᠢ ᠲᠠᠢ ᠬᠦᠳᠡᠯᠭᠡᠭᠡᠨ ᠬᠢᠵᠦ᠂ ᠵᠠᠯᠭᠠᠭ᠎ᠠ ᠪᠠᠷ 21 ᠡᠳᠦᠷ ᠤᠷᠤᠳᠠᠭ ᠶᠤᠮ᠃     ᠲᠡᠬᠦᠰᠪᠠᠶᠠᠷ ᠨᠠᠰᠤᠳᠠᠨ᠄ ︽ᠪᠢ ᠪᠤᠯ ᠤᠡᠭᠨᠢᠭᠤᠳ ᠬᠤᠰᠢᠭᠤᠨ ᠤ ᠰᠢᠨᠡᠰᠦ᠋ᠮ ᠎ᠡ ᠰᠤᠮᠤ ᠶᠢᠨ ᠠᠵᠢᠯ ᠠᠴᠠ ᠪᠠᠨ ᠠᠮᠠᠷᠠᠭᠰᠠᠨ ᠠᠷᠠᠳ ᠤᠨ ᠪᠠᠭᠰᠢ᠂ ᠨᠠᠰᠤ ᠠᠬᠢᠬᠤ ᠶᠢ ᠲᠠᠭᠠᠯᠳᠤᠨ ᠬᠦᠯ ᠨᠢᠷᠤᠭᠤ ᠦᠶ ᠎ᠠ ᠬᠡᠰᠢᠬᠦᠦ ᠡᠪᠡᠳᠬᠦ ᠪᠤᠯᠵᠠᠢ᠃ 2017 ᠤᠨ ᠠᠴᠠ ᠬᠡᠷᠰᠡᠩ ᠰᠤᠮᠤ ᠶᠢᠨ ᠡᠮᠨᠡᠯᠬᠡ ᠶᠢᠨ ᠬᠤᠷᠢᠶ ᠎ᠡ ᠨᠢ ᠮᠤᠩᠭᠤᠯ ᠡᠮᠨᠡᠯᠬᠡ ᠶᠢᠨ ᠤᠯᠠᠮᠵᠢᠯᠠᠯᠳᠤ ᠲᠠᠪᠤᠨ ᠵᠠᠰᠠᠯ ᠢᠶᠠᠨ ᠰᠡᠷᠬᠦᠬᠡᠭᠰᠠᠨ ᠠᠴᠠ ᠮᠠᠨ ᠰᠢᠭ᠋ ᠦᠶ ᠎ᠡ ᠬᠡᠰᠢᠬᠦᠦ ᠶᠢᠨ ᠡᠪᠡᠳᠴᠢᠳᠡᠨ ᠳᠤ ᠶᠡᠭᠡ ᠲᠤᠰᠠ ᠲᠠᠮᠵᠢᠯᠬᠡ ᠪᠠ ᠲᠦᠭᠦᠮ ᠲᠦᠳᠡ ᠨᠦᠬᠦᠴᠡᠯ ᠬᠠᠨᠭ᠍ᠭᠠᠭᠰᠠᠨ ᠶᠤᠮ᠂ ᠤᠤᠯ ᠨᠢ ᠪᠢᠳᠡ ᠷᠠᠰᠢᠶᠠᠨ ᠵᠠᠰᠠᠯᠭ᠎ᠠ ᠬᠢᠯᠭᠡᠬᠦ ᠭᠡᠪᠡᠯ ᠬᠡᠰᠢᠭᠳᠡᠨ᠂ ᠰᠢᠯᠢ ᠶᠢᠨ ᠭᠤᠤᠯ ᠳᠤ ᠤᠴᠢᠳᠠᠭ᠂ ᠶᠠᠪᠤᠵᠦ ᠰᠠᠭᠤᠬᠤ ᠬᠤᠨᠤᠵᠦ ᠬᠡᠪᠳᠡᠬᠦ ᠵᠠᠷᠤᠳᠠᠯ ᠮᠦᠡᠭᠬᠦ ᠠᠴᠠ ᠡᠬᠢᠯᠡᠨ ᠤᠯᠠᠨ ᠲᠠᠯ ᠎ᠠ ᠳᠤ ᠲᠦᠬᠦᠮ ᠦᠬᠡᠢ ᠪᠠᠶᠢᠳᠠᠭ᠃ ᠡᠨᠡ ᠵᠢᠯ ᠪᠤᠯ ᠮᠢᠨᠤ ᠬᠡᠷᠰᠡᠩ ᠰᠤᠮᠤ ᠶᠢᠨ ᠡᠮᠨᠡᠯᠬᠡ ᠶᠢᠨ ᠬᠤᠷᠢᠶ ᠎ᠡ ᠶᠢᠨ ᠷᠠᠰᠢᠶᠠᠨ ᠳᠤ ᠤᠷᠤᠵᠤ ᠪᠠᠶᠢᠭ᠎ᠠ ᠭᠤᠷᠪᠠᠳᠤᠭᠠᠷ ᠵᠢᠯ ᠮᠥᠨ ᠂ ᠨᠢᠷᠤᠭᠤ ᠬᠦᠯ᠂ ᠦᠶ ᠎ᠡ ᠬᠡᠰᠢᠬᠦᠦ ᠡᠪᠡᠳᠬᠦ ᠦᠨᠳᠦᠰᠦᠨ ᠳᠡᠭᠡᠨ ᠢᠯᠡᠷᠢ ᠪᠤᠯᠵᠦ᠂ ᠬᠦᠳᠡᠯᠵᠦ ᠪᠠᠷᠢᠬᠤ᠂ ᠠᠯᠬᠤᠵᠦ ᠬᠢᠰᠬᠢᠬᠦ ᠬᠦᠡᠭᠬᠡᠷᠡᠵᠦ᠂ ᠶᠤᠰᠤᠳᠠᠢ ᠯᠡ ︿ᠲᠦᠬᠡᠷᠢᠵᠦ ᠲᠦᠭᠡᠷᠢᠵᠦ ᠲᠦᠷᠤᠯ ᠳᠡᠭᠡᠨ ᠢᠷᠡᠭᠰᠡᠨ﹀ ᠰᠢᠭ ᠯᠡ ᠵᠦᠪ ᠵᠠᠰᠠᠯᠭ᠎ᠠ ᠪᠠᠨ ᠤᠯᠵᠦ᠂ ᠡᠪᠡᠳᠴᠢᠨ ᠲᠠᠬᠤᠯ ᠠᠴᠠ ᠪᠠᠨ ᠡᠷᠳᠡ ᠰᠠᠯᠬᠤ ᠶᠤᠮ ᠪᠠᠶᠢᠨ᠎ᠠ︾ ᠬᠡᠵᠦ ᠰᠡᠳᠬᠢᠯ ᠤᠨ ᠦᠬᠡ ᠪᠠᠨ ᠲᠠᠯᠬᠡᠨ᠎ᠠ᠃                                           ᠵᠣᠬᠢᠶᠠᠭᠴᠢ᠄ ᠨᠠᠷᠠᠨᠮᠠᠨᠳᠤᠯ ᠎ᠠ
 
ᠢᠷᠡᠯᠲᠡ᠄ ᠣᠯᠠᠭᠠᠨᠬᠳᠠ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号