︽ᠤᠷᠲᠤ ᠬᠤᠭᠤᠴᠠᠭ᠎ᠠ ᠪᠠᠷ ᠬᠢᠮᠤᠰᠤ ᠪᠠᠨ ᠭᠤᠶᠣᠯᠠᠪᠠᠯ ᠥᠮᠡᠨ ᠳᠤ ᠨᠡᠷᠪᠡᠭᠳᠡᠨ᠎ᠡ︾ ᠭᠡᠳᠡᠭ ᠨᠢ ᠦᠨᠡᠨ ᠤᠤ
ᠨᠡᠶᠢᠲᠡᠯᠡᠭᠰᠡᠨ ᠴᠠᠭ᠄
2020/12/18
     ᠭᠤᠶᠣᠯᠠᠬᠤ ᠳᠤᠷᠠᠲᠠᠶ ᠮᠠᠰᠢ ᠣᠯᠠᠨ ᠡᠮᠡᠭᠳᠡᠶᠢᠴᠤᠳ ᠲᠣᠭᠲᠠᠭᠰᠠᠨ ᠬᠤᠭᠤᠴᠠᠭ᠎ᠠ ᠲᠠᠢ ᠪᠠᠷ ᠬᠢᠮᠦᠰᠦ ᠪᠠᠨ ᠭᠤᠶᠣᠯᠠᠵᠤ ᠪᠠᠶᠢᠳᠠᠭ᠂ ᠭᠡᠪᠡᠴᠦ ᠪᠠᠰᠠ ︽ᠤᠷᠲᠤ ᠬᠤᠭᠤᠴᠠᠭ᠎ᠠ ᠪᠠᠷ ᠬᠢᠮᠦᠰᠦ ᠪᠠᠨ ᠭᠤᠶᠣᠯᠠᠪᠠᠯ ᠥᠮᠡᠨ ᠳᠤ ᠨᠡᠷᠪᠡᠭᠳᠡᠨ᠎ᠡ︾ ᠬᠡᠵᠦ ᠶᠠᠷᠢᠵᠠᠭᠠᠵᠤ ᠪᠤᠢ᠂ ᠡᠨᠡ ᠨᠢ ᠦᠨᠡᠨ ᠤᠤ︖ ᠬᠢᠮᠤᠰᠤ ᠪᠠᠨ ᠭᠤᠶᠣᠯᠠᠬᠤ ᠳᠤ ᠡᠮᠡᠭᠳᠡᠶᠢᠴᠤᠳ ᠶᠠᠭᠤ ᠶᠢ ᠠᠩᠬᠠᠷᠬᠤ ᠴᠢᠬᠤᠯᠠ ᠲᠠᠢ ᠪᠤᠢ︖     ᠦᠨᠡᠨ ᠳᠡᠭᠡᠨ ᠡᠩ ᠤᠨ ᠬᠢᠮᠤᠰᠤᠨ ᠪᠤᠳᠤᠭ ᠤᠨ ᠪᠦᠷᠢᠯᠳᠦᠬᠦᠨ ᠢ ᠶᠡᠷᠦᠳᠡᠭᠡᠨ ᠬᠤᠶᠠᠷ ᠲᠥᠷᠥᠯ ᠳᠤ ᠬᠤᠪᠢᠶᠠᠳᠠᠭ᠂ ᠨᠢᠭᠡ ᠲᠥᠷᠥᠯ ᠨᠢ ᠬᠠᠲᠠᠭᠤ ᠲᠥᠯᠥᠪᠲᠦ ᠪᠦᠷᠢᠯᠳᠦᠬᠦᠨ ᠪᠤᠯᠤᠨ᠎ᠠ᠂ ᠡᠭᠦᠨ ᠳᠤ ᠭᠤᠤᠯᠳᠠᠭᠤ ᠪᠤᠳᠤᠬᠳᠤ ᠡᠳ᠋ ᠪᠠ ᠭᠢᠯᠪᠠᠭᠠᠨ ᠪᠣᠳᠠᠰ ᠵᠡᠷᠭᠡ ᠪᠤᠢ᠃ ᠨᠦᠬᠦᠭᠡ ᠨᠢᠭᠡ ᠲᠦᠷᠦᠯ ᠨᠢ ᠰᠢᠩᠭᠡᠨ ᠲᠥᠯᠥᠪᠲᠦ ᠨᠢᠯᠴᠠᠭᠠᠶ ᠪᠦᠷᠢᠯᠳᠦᠬᠦᠨ ᠪᠤᠯᠤᠨ᠎ᠠ᠂ ᠡᠬᠦᠨ ᠳᠤ ᠭᠤᠤᠯᠳᠠᠭᠤ ᠫᠷᠤᠫᠠᠨᠤᠨ᠂ ᠡᠲ᠋ᠠ ᠬᠦᠴᠢᠯ ᠤᠨ ᠡᠲ᠋ᠢᠯ ᠡᠰᠲ᠋ᠧᠷ᠂ ᠵᠡᠷᠭᠡᠯᠡᠳᠡᠭᠡ ᠪᠧᠨ᠋ᠽᠧᠨ ᠤ ᠬᠤᠶᠠᠷ ᠮᠧᠲ᠋ᠢᠯᠳᠦ ᠬᠦᠴᠢᠯ ᠤᠨ ᠡᠰᠲ᠋ᠧᠷ᠂ ᠮᠧᠲ᠋ᠢᠯ ᠠᠯᠳᠧᠭᠢᠳ᠋ ᠵᠡᠷᠭᠡ ᠪᠤᠢ᠂ ᠡᠳᠡᠭᠡᠷ ᠪᠦᠷᠢᠯᠳᠦᠬᠦᠨ ᠨᠢ ᠴᠥᠮ ᠬᠤᠤᠷᠠᠲᠠᠶ ᠪᠤᠳᠠᠰ ᠪᠤᠯᠤᠨ᠎ᠠ᠂ ᠣᠨᠴᠠᠭᠠᠶᠢᠯᠠᠨ ᠵᠡᠷᠭᠡᠯᠡᠳᠡᠭᠡ ᠪᠧᠨ᠋ᠽᠧᠨ ᠤ ᠬᠤᠶᠠᠷ ᠮᠧᠲ᠋ᠢᠯᠳᠦ ᠬᠦᠴᠢᠯ ᠤᠨ ᠡᠰᠲ᠋ᠧᠷ ᠪᠠ ᠮᠧᠲ᠋ᠢᠯ ᠠᠯᠳᠧᠭᠢᠳ᠋ ᠨᠢ ᠨᠡᠩ ᠬᠤᠤᠷᠠᠳᠡᠢ ᠶᠤᠮ᠃     ᠲᠡᠭᠡᠪᠡᠯ ᠤᠷᠲᠤ ᠬᠤᠭᠤᠴᠠᠭ᠎ᠠ ᠪᠠᠷ ᠬᠢᠮᠤᠰᠤ ᠪᠠᠨ ᠭᠤᠶᠣᠯᠠᠪᠠᠯ ᠥᠮᠡᠨ ᠳᠤ ᠨᠡᠷᠪᠡᠭᠳᠡᠨ᠎ᠡ ᠤᠤ︖ ᠦᠨᠡᠨ ᠳᠡᠭᠡᠨ ᠣᠳᠣᠬᠠᠨ ᠳᠤ ᠡᠭᠦᠨ ᠤ ᠲᠤᠬᠠᠢ ᠨᠤᠲᠠᠯᠠᠯᠳᠡ ᠪᠠᠶᠢᠬᠤ ᠦᠭᠡᠢ ᠪᠠᠶᠢᠭᠰᠠᠭᠠᠷ᠂ ᠭᠡᠪᠡᠴᠦ ᠮᠠᠰᠢ ᠣᠯᠠᠨ ᠬᠢᠮᠤᠰᠤ ᠭᠤᠶᠣᠯᠠᠬᠤ ᠲᠡᠯᠭᠡᠭᠦᠷ ᠤᠨ ᠬᠡᠷᠡᠭᠯᠡᠵᠦ ᠪᠠᠶᠢᠭ᠎ᠠ ᠬᠢᠮᠤᠰᠤ ᠭᠤᠶᠣᠯᠠᠬᠤ ᠦᠢᠯᠡᠳᠬᠦᠨ ᠨᠢ ᠴᠥᠮ ᠬᠢᠷᠢ ᠲᠡᠩᠴᠡᠬᠦ ᠦᠭᠡᠢ ᠪᠠᠶᠢᠬᠰᠠᠭᠠᠷ᠂ ᠴᠢᠨᠠᠭᠰᠢᠯᠠᠪᠠᠯ ᠵᠠᠷᠢᠮ ᠴᠢᠨᠠᠷ ᠮᠠᠭᠤᠳᠠᠢ ᠬᠢᠮᠤᠰᠤᠨ ᠪᠤᠳᠤᠭ ᠲᠤᠳᠤᠷ᠎ᠠ ᠠᠭᠤᠯᠤᠬᠳᠠᠵᠤ ᠪᠠᠶᠢᠭ᠎ᠠ ᠲᠤᠭᠤᠯᠭ᠎ᠠ᠂ ᠠᠷᠰᠧᠨ ᠵᠡᠷᠭᠡ ᠬᠦ᠋ᠨᠳᠦ ᠲᠡᠮᠦᠷᠯᠢᠭ ᠨᠢ ᠪᠠᠷᠢᠮᠵᠢᠶ᠎ᠠ ᠠᠴᠠ ᠬᠡᠳᠦᠷᠡᠵᠦ ᠪᠠᠶᠢᠨ᠎ᠠ ᠃ ᠡᠭᠦᠨ ᠤ ᠳᠣᠲᠣᠷᠠᠬᠢ ᠬᠤᠤᠷᠲᠠᠶ ᠪᠤᠳᠠᠰ ᠨᠢ ᠬᠠᠤᠷᠠᠶᠢᠳᠠᠨ ᠱᠦᠷᠬᠦᠭᠡᠭᠰᠡᠨ ᠬᠢᠮᠦᠰᠦᠨ ᠵᠠᠪᠰᠠᠷ ᠢᠶᠠᠷ ᠬᠥᠮᠦᠨ ᠤ ᠪᠡᠶ᠎ᠡ ᠳᠤ ᠰᠢᠩᠭᠡᠨ ᠤᠷᠤᠵᠤ᠂ ᠡᠳᠦᠷ ᠤᠳᠠᠪᠠᠯ ᠤᠳᠠᠭᠠᠨ ᠴᠢᠨᠠᠷᠲᠠᠶ ᠬᠤᠤᠷᠠᠳᠠᠭᠳᠠᠬᠤ ᠰᠢᠨᠵᠢ ᠪᠠᠶᠢᠳᠠᠯ ᠢᠯᠡᠷᠡᠳᠡᠭ᠂ ᠬᠦᠨᠳᠦ ᠦᠶ᠎ᠡ ᠳᠤ ᠡᠮᠡᠭᠳᠡᠶᠢᠴᠤᠳ ᠤᠨ ᠳᠣᠲᠣᠭᠠᠳᠤ ᠱᠦᠬᠦᠷᠡᠯᠳᠡ ᠶᠢᠨ ᠲᠡᠩᠴᠡᠭᠦᠷᠢ ᠶᠢ ᠠᠯᠳᠠᠭᠤᠯᠳᠠᠭ ᠶᠤᠮ᠃     ᠬᠢᠮᠤᠰᠤᠨ ᠪᠤᠳᠤᠭ ᠲᠤ ᠭᠤᠮ ᠰᠤᠨᠳᠠᠭ ᠲᠠᠰᠤᠷᠠᠳᠠᠭ ᠨᠢ ᠶᠠᠮᠠᠷ ᠤᠴᠢᠷ ᠪᠣᠢ︖ ᠦᠨᠡᠨ ᠳᠡᠭᠡᠨ ᠬᠢᠮᠦᠰᠦᠨ ᠪᠤᠳᠤᠭ ᠪᠣᠯ ᠰᠢᠩᠭᠡᠨ ᠪᠡᠶᠡᠲᠦ ᠪᠦᠷᠢᠯᠳᠦᠬᠦᠨ ᠪᠤᠯᠬᠤ ᠶᠤᠮ᠂ ᠡᠭᠦᠨ ᠳᠤ ᠭᠤᠤᠯᠳᠠᠭᠤ ᠫᠷᠤᠫᠠᠨᠤᠨ᠂ ᠡᠲ᠋ᠠ ᠬᠦᠴᠢᠯ ᠤᠨ ᠡᠲ᠋ᠢᠯ ᠡᠰᠲ᠋ᠧᠷ᠂ ᠵᠡᠷᠭᠡᠯᠡᠳᠡᠭᠡ ᠪᠧᠨ᠋ᠽᠧᠨ ᠤ ᠬᠤᠶᠠᠷ ᠮᠧᠲ᠋ᠢᠯᠲᠦ ᠬᠦᠴᠢᠯ ᠤᠨ ᠡᠰᠲ᠋ᠧᠷ᠂ ᠮᠧᠲ᠋ᠢᠯ ᠠᠯᠳᠧᠭᠢᠳ᠋ ᠵᠡᠷᠭᠡ ᠪᠤᠢ᠃ ᠡᠳᠡᠭᠡᠷ ᠪᠦᠷᠢᠯᠳᠦᠬᠦᠨ ᠨᠢ ᠭᠤᠮ ᠰᠤᠨᠳᠠᠭ ᠢ ᠢᠳᠡᠭᠳᠡᠭᠦᠯᠳᠡᠭ᠂ ᠲᠡᠭᠦᠨ ᠤ ᠤᠭ ᠶᠣᠰᠣ ᠨᠢ ︽ᠠᠳᠠᠯᠢᠪᠲᠤᠷ ᠶᠠᠭᠤᠮ᠎ᠠ ᠶᠢ ᠬᠠᠷᠢᠯᠴᠠᠨ ᠠᠭᠤᠰᠬᠠᠬᠤ ᠤᠭ ᠶᠣᠰᠣ︾ ᠪᠣᠯᠬᠤᠷ ᠭᠤᠮ ᠰᠤᠨᠳᠠᠭ ᠲᠠᠰᠤᠷᠠᠵᠤ ᠪᠠᠶᠢᠳᠠᠭ᠂ ᠡᠬᠦᠨ ᠲᠠᠢ ᠠᠳᠠᠯᠢᠪᠲᠤᠷ ᠬᠢᠮᠤᠰᠤᠨ ᠪᠤᠳᠤᠭ ᠨᠢ ᠬᠥᠭᠡᠰᠡᠷᠬᠡᠭ ᠬᠠᠪᠲᠠᠰᠤ ᠶᠢ ᠢᠳᠡᠭᠳᠡᠭᠦᠯᠳᠡᠭ᠂ ᠡᠨᠡ ᠨᠢ ᠮᠥᠨ ᠴᠦ ᠡᠨᠡᠬᠦ ᠤᠭ ᠶᠣᠰᠣ ᠪᠣᠯᠤᠨ᠎ᠠ᠃     ᠦᠷᠬᠦᠯᠵᠢ ᠬᠢᠮᠤᠰᠤ ᠪᠠᠨ ᠭᠤᠶᠣᠯᠠᠪᠠᠯ ᠬᠢᠮᠤᠰᠤ ᠴᠢᠨᠢ ᠵᠥᠭᠡᠯᠡᠷᠡᠵᠦ ᠨᠢᠮᠭᠡᠨ ᠪᠣᠯᠳᠠᠭ᠂ ᠬᠢᠮᠤᠰᠤ ᠶᠢ ᠴᠢᠨᠢ ᠭᠤᠶᠣᠯᠠᠬᠤ ᠠᠴᠠ ᠡᠮᠦᠨ᠎ᠡ ᠬᠢᠮᠤᠰᠤ ᠭᠤᠶᠣᠯᠠᠭᠴᠢ ᠬᠢᠮᠤᠰᠤᠨ ᠤ ᠴᠢᠨᠢ ᠦᠡᠭᠭᠡᠨ ᠲᠠᠯ᠎ᠠ ᠶᠢ ᠬᠠᠭᠤᠷᠠᠶᠢᠳᠠᠨ ᠱᠦᠷᠬᠦᠭᠡᠵᠦ ᠪᠠᠶᠢᠳᠠᠭ᠂ ᠢᠩᠭᠢᠵᠦ ᠵᠠᠰᠠᠬᠤ ᠶᠢᠨ ᠰᠢᠯᠲᠠᠭᠠᠨ ᠨᠢ ᠬᠢᠮᠤᠰᠤᠨ ᠤ ᠦᠡᠭᠭᠡᠨ ᠲᠠᠯ᠎ᠠ ᠶᠢ ᠨᠠᠩ ᠭᠥᠯᠢᠭᠡᠷ ᠪᠣᠯᠭᠠᠵᠤ᠂ ᠬᠢᠮᠤᠰᠤᠨ ᠪᠤᠳᠤᠭ ᠬᠠᠲᠠᠭᠰᠠᠨ ᠤ ᠳᠠᠷᠠᠭ᠎ᠠ ᠨᠠᠩ ᠪᠠᠲᠤ ᠪᠠᠬᠢ ᠨᠠᠭᠠᠯᠳᠤᠳᠠᠭ ᠠᠴᠠ ᠪᠤᠯᠵᠠᠢ᠃ ᠭᠡᠳᠡᠯ᠎ᠡ ᠪᠠᠶᠢᠨ ᠳᠠᠬᠢᠨ ᠬᠢᠮᠤᠰᠤᠨ ᠪᠤᠳᠤᠭ ᠵᠶᠠᠨ ᠵᠦᠯᠭᠦᠨ ᠤᠨᠠᠭᠠᠵᠤ ᠬᠠᠭᠤᠷᠠᠶᠢᠳᠠᠵᠤ ᠱᠦᠷᠬᠦᠭᠡᠬᠦ ᠨᠢ ᠬᠢᠮᠦᠰᠦᠨ ᠤ ᠦᠡᠭᠭᠡᠨ ᠲᠠᠯ᠎ᠠ ᠶᠢᠨ ᠬᠠᠮᠠᠭᠠᠯᠠᠯᠲᠠ ᠶᠢᠨ ᠳᠠᠪᠬᠤᠷᠭ᠎ᠠ ᠶᠢ ᠡᠪᠳᠡᠳᠡᠭ᠃ ᠡᠶᠢᠮᠦ ᠠᠴᠠ ᠬᠢᠮᠤᠰᠤ ᠴᠢᠨᠢ ᠵᠦᠭᠡᠯᠡᠷᠡᠨ ᠨᠢᠮᠭᠡᠷᠡᠭᠦ ᠪᠠ ᠬᠠᠭᠠᠷᠠᠵᠤ᠂ ᠴᠢᠨᠠᠭᠰᠢᠯᠠᠪᠠᠯ ᠶᠠᠭᠤᠮᠠᠨ ᠳᠤ ᠮᠦᠷᠬᠦᠪᠡᠯ ᠬᠠᠭᠠᠷᠠᠵᠤ᠂ ᠬᠦᠨᠳᠦ ᠦᠶ᠎ᠡ ᠳᠤ ᠪᠠᠰᠠ ᠬᠢᠮᠤᠰᠤᠨ ᠵᠠᠪᠰᠠᠷ ᠤᠨ ᠦᠷᠪᠢᠰᠦᠯ ᠵᠡᠷᠭᠡ ᠡᠪᠡᠳᠴᠢᠨ ᠢ ᠤᠯᠵᠤ ᠮᠡᠳᠡᠨ᠎ᠡ᠃ ᠲᠡᠷᠡᠴᠢᠯᠡᠨ ᠬᠢᠮᠤᠰᠤ ᠭᠤᠶᠣᠯᠠᠬᠤ ᠪᠠᠭᠠᠵᠢ ᠳᠤ ᠡᠳᠦᠷ ᠲᠡᠳᠦᠢ ᠮᠦᠬᠦᠨᠴᠢᠷ ᠬᠦᠬᠡᠴᠦ ᠨᠠᠭᠠᠯᠳᠤᠵᠤ ᠪᠠᠶᠢᠵᠤ ᠮᠠᠭᠠᠳ ᠦᠭᠡᠢ᠂ ᠡᠶᠢᠮᠦ ᠠᠴᠠ ᠠᠮᠠᠷᠬᠠᠨ ᠬᠢᠮᠤᠰᠤᠨ ᠡᠪᠡᠳᠴᠢᠨ ᠳᠤ ᠬᠠᠯᠳᠠᠪᠤᠷᠢᠯᠠᠬᠳᠠᠵᠤ ᠮᠡᠳᠡᠨ᠎ᠡ᠃                                                       ᠨᠠᠶᠢᠷᠠᠭᠤᠯᠤᠭᠴᠢ᠄ ᠭᠡᠭᠡᠨᠳᠤᠶᠠᠭ᠎ᠠ        
 
ᠢᠷᠡᠯᠲᠡ᠄ ᠣᠯᠠᠭᠠᠨᠬᠳᠠ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号