ᠰᠡᠳᠬᠢᠯ ᠰᠠᠨᠠᠭ᠎ᠠ ᠡᠷᠡᠬᠦᠯ ᠪᠣᠰᠣ ᠬᠦᠮᠣᠨ ᠠᠯᠢᠪᠠ ᠣᠴᠢᠷ ᠢ ᠴᠦᠮ ᠠᠮᠢ ᠬᠤᠪᠢ ᠲᠠᠢ ᠪᠠᠨ ᠬᠤᠯᠪᠣᠨ | ᠪᠣᠳᠣᠳᠠᠭ ᠪᠠᠶᠢᠨ᠎ᠠ᠃ ᠬᠦᠮᠣᠰ ᠤᠨ ᠬᠠᠷᠢᠴᠠᠭᠠᠨ ᠤ ᠲᠠᠯ᠎ᠠ ᠪᠠᠷ ᠡᠷᠡᠬᠦᠯ ᠰᠡᠳᠬᠢᠯ ᠲᠠᠢ ᠬᠦᠮᠣᠨ ᠤ ᠦᠬᠡ ᠶᠠᠷᠢᠶ᠎ᠠ | ᠵᠠᠩ ᠴᠢᠨᠠᠷ ᠦᠰᠣᠳ ᠦᠬᠡᠷ᠎ᠠ ᠪᠠᠷ ᠢᠯᠡᠷᠡᠳᠡᠭ ᠶᠣᠮ᠃ | ᠶᠠᠷᠣᠨᠢ ᠰᠡᠳᠬᠢᠯ ᠡᠷᠡᠬᠦᠯ ᠬᠦᠮᠣᠨ ᠶᠠᠮᠠᠷ ᠴᠤ ᠬᠦᠮᠣᠨ ᠳᠤ ᠴᠦᠮ ᠨᠦᠬᠦᠷᠰᠡᠭ ᠢᠶᠠᠷ ᠲᠣᠰᠠᠴᠢ ᠪᠠᠷ | ᠬᠠᠨᠳᠣᠳᠠᠭ ᠪᠦᠬᠡᠳ ᠬᠡᠵᠢᠶᠠᠳᠠ ᠦᠨᠡᠡᠴᠢ ᠣᠪᠣᠷ ᠢᠶᠠᠷ ᠬᠠᠷᠢᠴᠠᠳᠠᠭ᠃ ᠠᠡᠳᠠ ᠨᠦᠬᠦᠷ ᠤᠨ ᠢᠶᠠᠨ ᠠᠮᠵᠢᠯᠳᠠ ᠳᠤ | ᠪᠠᠶᠠᠷᠯᠠᠨ ᠵᠣᠷᠢᠭᠵᠢᠵᠣ᠂ ᠪᠠᠶᠠᠷ ᠪᠠᠶᠠᠰᠣᠯ ᠢ ᠨᠢ ᠬᠤᠪᠢᠶᠠᠯᠴᠠᠨ ᠡᠳ᠋ᠯᠠᠬᠦ ᠪᠣᠯᠬᠤᠷ ᠦᠷᠬᠦᠯᠵᠢ ᠪᠠᠶᠠᠷ ᠬᠦᠷ ᠲᠠᠢ | ᠶᠠᠪᠣᠳᠠᠭ᠃ ᠰᠡᠳᠬᠢᠯ ᠤᠨ ᠬᠦᠴᠦᠨ ᠳᠡᠭᠡᠨ ᠢᠳᠡᠬᠡᠯ ᠲᠠᠢ ᠬᠦᠮᠣᠨ ᠶᠠᠷᠣ ᠨᠢ ᠠᠡᠳᠠ ᠨᠠᠶᠢᠵᠠ᠂ ᠠᠵᠢᠯ | ᠦᠢᠯᠡᠰ ᠲᠡᠭᠡᠨ ᠬᠡᠵᠢᠶ᠎ᠠ᠂ ᠬᠠᠮᠢᠭ᠎ᠠ ᠴᠤ ᠣᠷᠬᠢᠯᠣᠮ᠎ᠠ ᠬᠠᠯᠠᠭᠤᠨ ᠰᠡᠳᠬᠢᠯ ᠲᠠᠢ ᠪᠠᠶᠢᠵᠣ᠂ ᠠᠵᠢᠯ ᠦᠢᠯᠡᠰ ᠤᠨ | ᠪᠦᠳᠣᠮᠵᠢ ᠶᠢ ᠯᠡ ᠲᠠᠷᠢᠬᠦᠨ ᠳᠤ ᠲᠠᠯᠪᠢᠳᠠᠭ ᠪᠣᠯᠬᠤᠷ ᠬᠠᠳᠠᠭᠤᠵᠢᠯᠳᠠᠢ ᠠᠵᠢᠯᠯᠠᠬᠤ ᠴᠢᠬᠤᠯᠠᠳᠠᠢ ᠦᠶ᠎ᠠ ᠳᠤ ᠨᠦᠢᠷ | ᠬᠤᠭᠤᠯᠠᠨ ᠤ ᠴᠠᠭ ᠢᠶᠠᠨ ᠴᠤ ᠲᠣᠷ᠎ᠠ ᠲᠠᠢ ᠠᠵᠢᠯ ᠦᠢᠯᠡᠰ ᠲᠡᠭᠡᠨ ᠵᠣᠷᠢᠭᠤᠯᠳᠠᠭ᠃ ᠬᠠᠯᠠᠭᠤᠨ ᠰᠡᠳᠬᠢᠯ ᠳᠤ | ᠬᠦᠮᠣᠨ ᠤ ᠰᠠᠬᠢᠯ ᠬᠠᠶᠢᠯᠣᠨ ᠠᠭᠤᠰᠴᠣ ᠬᠦᠴᠢᠷ ᠪᠡᠷᠬᠡ ᠴᠤ ᠠᠶᠠᠡᠳᠠᠭᠠᠨ ᠰᠢᠢᠳᠪᠣᠷᠢᠯᠡᠭᠳᠡᠬᠡᠳ ᠠᠵᠢᠯ ᠦᠢᠯᠡᠰ ᠨᠢ | ᠪᠦᠳᠣᠮᠵᠢᠳᠠᠢ᠂ ᠣᠷᠣᠭᠰᠢᠳᠠᠢ᠂ ᠰᠠᠶᠢᠨ ᠪᠠᠶᠢᠳᠠᠭ᠃ ᠦᠪᠡᠷ ᠤᠨ ᠰᠡᠳᠬᠢᠯ ᠤᠨ ᠬᠦᠴᠣᠨ ᠳᠡᠭᠡᠨ ᠢᠳᠡᠬᠡᠯ ᠲᠠᠢ | ᠬᠦᠮᠣᠨ ᠶᠡᠷᠣᠳᠠᠬᠡᠨ ᠮᠠᠰᠢ ᠦᠨᠡᠡᠴᠢ ᠰᠢᠳᠣᠷᠭᠤ ᠪᠠᠶᠢᠳᠠᠭ ᠲᠣᠯᠠ ᠬᠦᠮᠣᠨ ᠤ ᠬᠦᠷᠢᠶᠡᠯᠡᠯ ᠢ ᠣᠯᠳᠠᠭ᠂ ᠲᠡᠳᠡ | ᠦᠬᠡ ᠬᠡᠯᠡᠬᠦ ᠳᠡᠭᠡᠨ ᠴᠦᠮ ᠦᠨᠡᠨ ᠮᠦᠨ ᠢ ᠪᠠᠷᠢᠮᠳᠠᠯᠠᠵᠣ ᠬᠤᠳᠠᠯ ᠬᠡᠯᠡᠵᠣ ᠬᠠᠭᠤᠷᠮᠠᠭ ᠶᠠᠪᠣᠳᠠᠭ ᠦᠬᠡᠢ᠃ | ᠣᠴᠢᠷ ᠨᠢ ᠦᠢᠯᠡᠰ ᠪᠦᠳᠦᠬᠡᠬᠦ ᠶᠢᠨ ᠲᠦᠯᠦᠬᠡ ᠪᠦᠬᠦ ᠰᠡᠳᠬᠢᠯ ᠢᠶᠠᠷ ᠢᠶᠠᠨ ᠵᠢᠳᠬᠦᠬᠡᠳ ᠠᠮᠵᠢᠬᠤ ᠦᠬᠡᠢ ᠪᠠᠶᠢᠬᠤ | ᠲᠣᠯᠠ ᠬᠤᠳᠠᠯ ᠢ ᠰᠡᠳᠬᠢᠵᠣ ᠬᠠᠭᠤᠷᠮᠠᠭ ᠢ ᠪᠣᠳᠣᠬᠤ ᠴᠢᠯᠣᠬᠡ ᠬᠠᠮᠢᠭ᠎ᠠ ᠪᠠᠶᠢᠬᠤᠪ᠂ ᠲᠠᠶᠢᠮᠣ ᠣᠬᠠᠭᠠᠨ | ᠬᠠᠮᠢᠭ᠎ᠠ ᠠᠴᠠ ᠣᠷᠣᠬᠤ ᠪᠢᠯᠨ᠃ ᠰᠡᠳᠬᠢᠯ ᠤᠨ ᠬᠦᠴᠣᠨ ᠳᠡᠭᠡᠨ ᠢᠳᠡᠬᠡᠯ ᠲᠠᠢ᠂ ᠪᠠᠶ᠎ᠠ ᠳᠡᠭᠡᠨ ᠢᠳᠡᠬᠡᠯ ᠲᠠᠢ᠂ | ᠦᠢᠯᠡᠰ ᠲᠡᠭᠡᠨ ᠢᠳᠡᠬᠡᠯ ᠲᠠᠢ᠂ ᠨᠦᠬᠦᠳ ᠲᠡᠭᠡᠨ ᠴᠤ ᠢᠳᠡᠬᠡᠯ ᠲᠠᠢ ᠪᠠᠶᠢᠳᠠᠭ ᠪᠣᠯᠬᠤᠷ ᠰᠡᠳᠬᠢᠯ ᠰᠠᠨᠠᠭ᠎ᠠ ᠨᠢ | ᠡᠷᠡᠬᠦᠯ ᠰᠠᠷᠠᠭᠤᠯ᠂ ᠪᠠᠶ᠎ᠠ ᠮᠠᠬᠠᠪᠣᠳ ᠨᠢ ᠡᠷᠡᠬᠦᠯ ᠴᠢᠬᠢᠷᠠᠭ᠂ ᠠᠵᠢᠯ ᠦᠢᠯᠡᠰ ᠨᠢ ᠪᠦᠳᠣᠮᠵᠢᠳᠠᠢ ᠪᠠᠶᠢᠳᠠᠭ᠃ | ᠰᠡᠳᠬᠢᠯ ᠰᠠᠨᠠᠭ᠎ᠠ ᠨᠢ ᠡᠷᠡᠬᠦᠯ ᠪᠣᠰᠣ ᠬᠦᠮᠣᠨ ᠶᠠᠷᠣ ᠳᠡᠭᠡᠨ ᠪᠣᠰᠣᠳ ᠨᠦᠬᠦᠳ ᠬᠠᠨᠢ ᠪᠠᠨ ᠰᠠᠨᠠᠭᠠᠴᠢᠯᠠᠭ᠎ᠠ ᠲᠠᠢ ᠪᠠᠷ | ᠦᠷᠣ ᠡᠪᠡᠳᠣᠨ ᠲᠣᠰᠠᠯᠠᠳᠠᠭ ᠦᠬᠡᠢ᠂ ᠬᠠᠨᠢ ᠨᠦᠬᠦᠳ ᠤᠨ ᠢᠶᠠᠨ ᠠᠵᠢᠯ ᠤᠨ ᠠᠮᠵᠢᠯᠳᠠ ᠳᠤ ᠪᠠᠶᠠᠰᠳᠠᠭ ᠦᠬᠡᠢ ᠪᠠᠷ | ᠦᠯᠣ ᠪᠠᠷᠠᠠ ᠬᠡᠳᠡᠷᠬᠦ ᠪᠠᠨ ᠠᠳᠠᠭᠠᠷᠬᠠᠵᠣ ᠪᠠᠶᠢᠳᠠᠭ᠃ ᠲᠡᠳᠡ ᠪᠠᠶᠠᠷ ᠬᠦᠷ ᠲᠠᠢ ᠶᠠᠪᠣᠬᠤ ᠴᠠᠭ ᠮᠠᠰᠢ ᠬᠤᠪᠣᠷ᠂ | ᠶᠠᠷᠣ ᠨᠢ ᠠᠳᠠᠭ᠎ᠠ ᠵᠢᠳᠣᠬᠡ ᠳᠤ ᠰᠡᠳᠬᠢᠯ ᠨᠢ ᠡᠮᠵᠢᠭᠯᠡᠨ ᠰᠢᠨᠠᠯᠵᠤ ᠪᠠᠶᠢᠳᠠᠭ᠃ ᠲᠡᠳᠡ ᠬᠡᠨ ᠳᠤ ᠴᠤ ᠦᠨᠡᠨ | ᠦᠬᠡ ᠪᠠᠨ ᠬᠡᠯᠡᠳᠡᠭ ᠦᠬᠡᠢ᠃ ᠶᠠᠭᠤ ᠪᠦᠬᠦᠨ ᠢᠶᠠᠨ ᠨᠢᠭᠤᠨ ᠲᠠᠯᠳᠠᠯᠠᠳᠠᠭ ᠪᠣᠯᠬᠤᠷ ᠦᠨᠡᠨ ᠰᠡᠳᠬᠢᠯ ᠢᠶᠠᠨ | ᠮᠡᠳᠡᠯᠴᠡᠭᠰᠠᠠ ᠠᠡᠳᠠ ᠨᠠᠶᠢᠵᠠ ᠬᠡᠵᠣ ᠪᠠᠷᠤᠭ ᠪᠠᠶᠢᠳᠠᠭ ᠦᠬᠡᠢ᠃ ᠡᠶᠢᠮᠣ ᠬᠦᠮᠣᠨ ᠢ ᠶᠠᠷᠣ ᠨᠢ ᠬᠦᠮᠣᠨ | ᠲᠠᠭᠠᠰᠢᠶᠠᠳᠠᠭ ᠦᠬᠡᠢ᠃ ᠡᠶᠢᠮᠣ ᠬᠦᠮᠣᠨ ᠦᠨᠡᠨ ᠬᠦ ᠠᠵᠢᠯ ᠦᠢᠯᠡᠰ ᠪᠦᠳᠣᠬᠡᠬᠦ᠂ ᠠᠵᠣ ᠠᠮᠢᠳᠣᠷᠠᠯ | ᠴᠣᠭᠴᠠᠯᠠᠬᠤ ᠳᠤ ᠰᠡᠳᠬᠢᠯ ᠰᠠᠨᠠᠭ᠎ᠠ ᠴᠡᠪᠡᠷ ᠡᠷᠡᠬᠦᠯ ᠬᠦᠮᠣᠨ ᠠᠴᠠ ᠬᠡᠯᠡᠯᠬᠡᠨ ᠦᠬᠡᠢ ᠬᠤᠴᠣᠷᠤᠨ᠎ᠠ᠃ | | | ᠨᠠᠶᠢᠷᠠᠭᠤᠯᠤᠭᠴᠢ᠄ ᠨᠠᠷᠠᠨᠮᠠᠨᠳᠤᠯ᠎ᠠ | | | | | | | | | | | ᠁ |