ᠶᠠᠪᠣᠵᠣ ᠰᠠᠭᠤᠬᠤ ︵ᠮᠣᠩᠭᠤᠯ ᠦᠨᠳᠦᠰᠦᠲᠡᠨ︶
ᠨᠡᠶᠢᠲᠡᠯᠡᠭᠰᠡᠨ ᠴᠠᠭ᠄
2023/5/17
     ᠮᠣᠩᠭᠤᠯᠴᠣᠳ ᠦᠷᠭᠡᠨ ᠠᠭᠤᠳᠠᠮ ᠭᠠᠵᠠᠷ ᠤᠷᠤᠨ ᠳᠤ ᠨᠡᠭᠦᠳᠡᠯᠯᠡᠨ ᠮᠠᠯᠵᠢᠵᠤ ᠠᠮᠢᠳᠤᠷᠠᠬᠤ ᠳᠤ᠂ ᠮᠣᠷᠢ ᠤᠨᠣᠬᠤ ᠨᠢ ᠮᠣᠩᠭᠤᠯ ᠦᠨᠳᠦᠰᠦᠳᠡᠨ ᠤ ᠨᠢᠭᠡ ᠶᠡᠭᠡ ᠤᠨᠴᠠᠯᠢᠭ ᠪᠣᠯᠣᠨ᠎ᠠ᠃ ᠣᠳᠣ ᠪᠣᠯᠳᠠᠯ᠎ᠠ ᠮᠠᠯᠵᠢᠬᠤ ᠤᠷᠣᠨ ᠳᠤ ᠠᠷᠪᠠ ᠠᠴᠠ ᠵᠢᠷᠠᠨ ᠨᠠᠰᠣᠨ ᠤ ᠡᠷᠡᠭᠳᠡᠢ ᠡᠮᠡᠭᠳᠡᠢ ᠭᠡᠰᠡᠨ ᠦᠭᠡᠢ ᠭᠠᠳᠠᠭᠰᠢ ᠭᠠᠷᠬᠤ᠂ ᠰᠠᠳᠣᠨ ᠲᠦᠷᠦᠯ ᠢᠶᠠᠨ ᠡᠷᠬᠢᠬᠦ᠂ ᠮᠠᠯ ᠬᠠᠷᠢᠭᠤᠯᠬᠤ  ᠳᠤ ᠪᠦᠷ ᠮᠣᠷᠢ ᠤᠨᠣᠳᠠᠭ᠃      ᠮᠠᠯᠴᠢᠳ ᠮᠣᠷᠢᠨ ᠳᠤ ᠪᠠᠨ ᠬᠠᠶᠢᠷᠠᠲᠠᠢ ᠪᠠᠷ ᠪᠠᠷᠠᠬᠤ ᠦᠭᠡᠢ᠂ ᠮᠣᠷᠢᠨ ᠡᠳ᠋ᠯᠡᠯ ᠊᠊᠊ ᠡᠮᠡᠭᠡᠯ᠂ ᠨᠣᠭᠳᠣ᠂ ᠬᠠᠵᠠᠭᠠᠷ᠂ ᠴᠢᠳᠦᠷ᠂ ᠲᠠᠰᠢᠭᠤᠷ ᠪᠠ ᠤᠷᠭ᠎ᠠ ᠵᠡᠷᠭᠡ ᠨᠢ ᠴᠦ ᠮᠠᠯᠴᠢᠳ ᠤᠨ ᠬᠠᠮᠤᠭ ᠬᠠᠶᠢᠷᠠᠳᠠᠢ ᠵᠦᠢᠯᠡᠰ ᠪᠣᠯᠬᠤ ᠶᠤᠮ᠃ ᠡᠮᠡᠭᠡᠯ ᠨᠢ ᠪᠦᠭᠦᠷᠭᠡ᠂ ᠲᠤᠬᠤᠮ᠂ ᠲᠦᠷᠦᠬᠡ᠂ ᠵᠢᠷᠢᠮ᠂ ᠤᠯᠣᠩ᠂ ᠬᠦᠯᠢᠮ᠂ ᠭᠠᠨᠵᠤᠭ᠎ᠠ ᠵᠡᠷᠭᠡ ᠪᠠᠷ ᠪᠦᠷᠢᠯᠳᠦᠨ᠎ᠠ᠃ ᠬᠠᠭᠤᠴᠢᠨ ᠤ ᠦᠶ᠎ᠠ ᠳᠤ ᠪᠢᠷᠠᠭᠤ ᠪᠠ ᠳ᠋ᠠᠪᠠᠨ ᠤ ᠡᠮᠡᠭᠡᠯ ᠨᠢ ᠬᠠᠮᠤᠭ ᠠᠴᠠ ᠨᠡᠷᠡᠳᠡᠢ ᠪᠠᠶᠢᠵᠠᠢ᠃ ᠨᠣᠭᠳᠣ ᠶᠢ ᠤᠯᠠᠭᠠᠨ᠂ ᠬᠦᠬᠡ᠂ ᠴᠠᠭᠠᠨ ᠭᠤᠷᠪᠠᠨ ᠦᠩᠭᠡ ᠶᠢᠨ ᠰᠣᠷ ᠢᠶᠠᠷ ᠬᠢᠵᠤ ︽ᠭᠤᠷᠪᠠᠨ ᠦᠩᠭᠡ ᠶᠢᠨ ᠨᠣᠭᠳᠣ︾ ᠭᠡᠳᠡᠭ᠃ ᠬᠠᠵᠠᠭᠠᠷ ᠤᠨ ᠭᠠᠷᠠᠬ᠎ᠠ ᠶᠢ ᠮᠦᠩᠬᠦ ᠪᠤᠶᠤ ᠭᠠᠣᠯᠢ ᠪᠠᠷ ᠬᠢᠵᠤ᠂ ᠵᠢᠯᠣᠭᠤ ᠶᠢ ᠮᠢᠨᠳᠠᠰᠣᠨ ᠳᠡᠭᠡᠰᠦ ᠪᠠᠷ ᠬᠢᠳᠡᠭ᠃ ᠴᠢᠳᠦᠷ ᠢ ᠤᠷᠢᠳᠤ ᠬᠤᠶᠠᠷ ᠬᠦᠯ ᠬᠤᠶᠢᠳᠦ ᠨᠢᠭᠡ ᠬᠦᠯ ᠢ ᠬᠤᠯᠪᠤᠵᠤ ᠲᠤᠰᠢᠬᠤ ᠶᠢ ᠴᠢᠳᠦᠷ ᠭᠡᠵᠦ᠂ ᠡᠮᠦᠨ᠎ᠠ ᠬᠤᠶᠠᠷ ᠭᠦᠯ  ᠢ ᠬᠤᠯᠪᠤᠬᠤ ᠶᠢ ᠲᠤᠰᠢᠶ᠎ᠠ ᠭᠡᠵᠦ᠂ ᠡᠮᠦᠨ᠎ᠠ ᠨᠢᠭᠡ ᠬᠦᠯ ᠬᠤᠶᠢᠳᠣ ᠨᠢᠭᠡ ᠬᠦᠯ ᠢ ᠬᠤᠯᠪᠤᠵᠤ ᠲᠤᠰᠢᠬᠤ ᠶᠢ ᠦᠷᠦᠭᠡᠯ ᠬᠡᠳᠡᠭ᠃ ᠴᠢᠳᠦᠷ ᠬᠢᠬᠦ ᠳᠤ ᠪᠦᠷ ᠰᠠᠶᠢᠨ ᠰᠤᠷ ᠢ ᠰᠤᠩᠭᠤᠨ ᠮᠤᠰᠬᠢᠳᠠᠭ᠃ ᠮᠣᠷᠢᠨ ᠳᠠᠰᠢᠭᠤᠷ ᠢ ᠪᠠᠰᠠ ᠲᠡᠩᠰᠡᠨ ᠳᠠᠰᠢᠭᠤᠷ᠂ ᠭᠦᠷᠦᠮᠡᠯ ᠳᠠᠰᠢᠭᠤᠷ᠂ ᠮᠢᠯᠠᠭ᠎ᠠ ᠭᠡᠵᠦ ᠭᠤᠷᠪᠠᠨ ᠵᠦᠢᠯ ᠬᠤᠪᠢᠶᠠᠳᠠᠭ᠃ ᠤᠷᠭ᠎ᠠ ᠬᠢᠬᠦ ᠳᠤ ᠨᠡᠩ ᠨᠠᠷᠢᠯᠢᠭ ᠪᠠᠶᠢᠳᠠᠭ᠂ ᠤᠷᠭᠠᠨ ᠡᠰᠢ ᠶᠢ ᠴᠢᠨᠠᠷ ᠰᠠᠶᠢᠳᠠᠢ ᠬᠤᠰᠣ ᠮᠣᠳᠣ ᠪᠣᠶᠣ ᠤᠳᠠ ᠮᠣᠳᠣ ᠪᠠᠷ ᠬᠢᠵᠤ᠂ ᠤᠷᠭᠠᠨ ᠦᠵᠦᠭᠦᠷ ᠢ ᠨᠠᠷᠢᠨ ᠠᠭᠠᠷᠣ ᠮᠣᠳᠣ  ᠪᠠᠷ ᠬᠢᠳᠡᠭ ᠪᠠ ᠤᠷᠭ᠎ᠠ ᠶᠢᠨ ᠬᠤᠶᠢᠪᠢ ᠶᠢ ᠰᠣᠷ ᠪᠣᠶᠣ ᠬᠤᠨᠢᠨ ᠬᠡᠳᠡᠰᠦ᠂ ᠦᠭᠡᠷ ᠤᠨ ᠰᠢᠷᠪᠦᠰᠦ ᠪᠠᠷ ᠬᠢᠳᠡᠭ᠂ ᠡᠨᠡ ᠨᠢ ᠤᠶᠠᠨ ᠬᠠᠳᠠᠨ ᠳᠠᠭᠠᠭᠠᠮᠠᠭᠠᠢ ᠴᠢᠨᠠᠷ ᠢᠶᠠᠷ ᠰᠠᠶᠢᠨ ᠤᠳᠠᠭᠠᠨ ᠬᠡᠷᠡᠭᠯᠡᠵᠦ ᠳᠡᠶᠢᠯᠳᠡᠭ᠃      ᠤᠷᠭ᠎ᠠ ᠶᠢ ᠬᠡᠷᠡᠭᠯᠡᠬᠦ ᠳᠤ ᠳᠠᠪᠣᠨ ᠴᠡᠭᠡᠷ ᠪᠠᠶᠢᠳᠠᠭ᠄ ᠨᠢᠭᠡ ᠳᠤ᠂ ᠬᠡᠦᠬᠡᠳ ᠢᠶᠠᠷ ᠨᠠᠭᠠᠳᠣᠭᠤᠯᠬᠤ ᠶᠢ ᠴᠡᠭᠡᠷᠯᠡᠨ᠎ᠠ᠂ ᠬᠤᠶᠠᠷ ᠲᠤ᠂ ᠠᠳᠣᠭᠤᠴᠢᠨ ᠪᠢᠰᠢ ᠪᠣᠯ ᠬᠡᠷᠡᠭᠯᠡᠬᠦ ᠶᠢ ᠴᠡᠭᠡᠷᠯᠡᠨ᠎ᠠ᠂ ᠭᠤᠷᠪᠠ ᠳᠤ᠂ ᠭᠠᠵᠠᠷ ᠲᠡᠭᠡᠷ᠎ᠡ ᠬᠦᠨᠳᠡᠯᠡᠨ ᠬᠠᠶᠠᠬᠤ ᠶᠢ ᠴᠡᠭᠡᠷᠯᠡᠨ᠎ᠠ᠂ ᠲᠦᠷᠪᠡ ᠳᠤ᠂ ᠨᠣᠬᠠᠢ ᠤᠷᠭ᠎ᠠ ᠶᠢ ᠬᠡᠮᠡᠯᠢᠬᠦ ᠶᠢ ᠴᠡᠭᠡᠷᠯᠡᠨ᠎ᠡ᠂ ᠳᠠᠪᠤ ᠳᠤ᠂ ᠵᠢᠷᠮᠦᠰᠦᠨ ᠡᠭᠡᠨᠡᠷ ᠬᠡᠷᠡᠭᠯᠡᠬᠦ ᠶᠢ ᠴᠡᠭᠡᠷᠯᠡᠨ᠎ᠠ᠃      ᠮᠠᠯᠴᠢᠳ ᠤᠳᠣᠷᠯᠠᠬᠤ᠂ ᠨᠡᠬᠦᠬᠦ᠂ ᠤᠰᠣ ᠲᠡᠭᠡᠭᠡᠬᠦ᠂ ᠡᠳ᠋ ᠪᠠᠷᠠᠭ᠎ᠠ ᠲᠡᠭᠡᠭᠡᠪᠦᠷᠢᠯᠡᠬᠦ ᠳᠤ ᠬᠠᠰᠠᠭ ᠲᠡᠷᠭᠡ ᠬᠡᠷᠡᠭᠯᠡᠳᠡᠭ᠃ ᠬᠠᠰᠠᠭ ᠲᠡᠷᠬᠡ ᠶᠢ ᠭᠤᠷᠪᠠᠨ ᠵᠦᠢᠯ ᠬᠤᠪᠢᠶᠠᠨ᠎ᠠ᠃      ᠨᠢᠭᠡ᠂ ᠮᠣᠬᠤᠯᠠᠭ ᠲᠡᠷᠬᠡ᠄ ᠲᠡᠷᠭᠡᠨ ᠠᠷᠠᠯ ᠳᠡᠭᠡᠷ᠎ᠡ ᠮᠤᠳᠤ ᠪᠠᠷ ᠮᠦᠬᠡᠷᠤᠯᠵᠢᠨ ᠬᠡᠯᠪᠡᠷᠢᠳᠠᠢ ᠨᠠᠷᠢᠯᠢᠭ ᠰᠠᠶᠢᠬᠠᠨ ᠦᠢᠯᠡᠳᠴᠦ᠂ ᠡᠪᠦᠯ ᠳᠤ ᠪᠠᠨ ᠢᠰᠡᠭᠡᠢ ᠪᠠᠷ ᠪᠦᠳᠡᠭᠡᠵᠤ᠂ ᠬᠦᠢᠳᠡᠨ ᠠᠴᠠ ᠰᠡᠷᠭᠡᠶᠢᠯᠡᠬᠦ ᠵᠢᠴᠢ ᠴᠠᠰᠣ  ᠶᠢ ᠬᠠᠯᠬᠠᠯᠠᠬᠤ ᠪᠠᠷ ᠪᠠᠷᠠᠬᠤ ᠦᠭᠡᠢ᠂ ᠵᠣᠨ ᠳᠤ ᠪᠠᠨ ᠬᠤᠯᠤᠰᠤᠨ ᠴᠢᠬᠢᠷᠰᠣ ᠪᠠᠷ ᠪᠦᠷᠬᠦᠨ ᠨᠠᠷᠠᠨ ᠳᠤ ᠰᠢᠷᠠᠭᠳᠠᠬᠤ ᠦᠭᠡᠢ ᠪᠣᠷᠤᠭᠠᠨ ᠳᠤ ᠨᠤᠷᠤᠭᠳᠠᠬᠤ ᠦᠭᠡᠢ ᠬᠠᠮ ᠲᠡᠷᠭᠡ ᠪᠣᠯᠣᠨ᠎ᠠ᠃ ᠡᠶᠢᠮᠦ ᠲᠡᠷᠭᠡ ᠨᠢ ᠬᠤᠯᠠ ᠠᠶᠠᠯᠠᠬᠤ ᠳᠤ ᠲᠦᠷᠦᠬᠦᠴᠢ ᠲᠡᠷᠬᠡ ᠪᠣᠯᠬᠤ ᠪᠠᠷ ᠪᠠᠷᠠᠬᠤ ᠦᠭᠡᠢ᠂ ᠤᠯᠠᠩᠬᠢ ᠳᠤ  ᠪᠠᠨ ᠰᠠᠳᠣᠨ ᠲᠦᠷᠦᠯ ᠢᠶᠠᠨ ᠳᠣᠰᠴᠣ ᠬᠦᠷᠭᠡᠬᠦ᠂ ᠬᠤᠷᠢᠮ ᠬᠢᠵᠦ ᠪᠡᠷᠢ ᠪᠠᠭᠤᠯᠭᠠᠬᠤ ᠦᠶ᠎ᠠ ᠳᠤ ᠬᠡᠷᠡᠭᠯᠡᠳᠡᠭ᠃      ᠬᠤᠶᠠᠷ᠂ ᠬᠦᠮᠦᠷᠭᠡᠨ ᠲᠡᠷᠭᠡ᠄ ᠡᠭᠦᠨ ᠢ ᠪᠠᠰᠠ ᠬᠠᠮ ᠲᠡᠷᠭᠡ᠂ ᠮᠤᠬᠤᠯᠠᠭ ᠲᠡᠷᠭᠡ ᠭᠡᠵᠤ ᠬᠡᠯᠡᠵᠤ ᠪᠣᠢ᠃ ᠡᠩ ᠤᠨ ᠦᠶ᠎ᠡ ᠳᠤ ᠬᠠᠰᠠᠭ ᠲᠡᠷᠭᠡ ᠪᠠᠨ ᠰᠠᠩ ᠬᠦᠮᠦᠷᠭᠡ ᠪᠣᠯᠭᠠᠵᠤ᠂ ᠠᠮᠤ ᠪᠤᠳᠠᠭ᠎ᠠ᠂ ᠢᠳᠡᠭᠡᠨ ᠤ ᠵᠦᠢᠯ᠂ ᠬᠤᠪᠴᠠᠰᠤ ᠬᠤᠨᠠᠷ᠂ ᠭᠡᠷ ᠤᠨ ᠡᠳ᠋ᠯᠡᠯ ᠢᠶᠠᠨ ᠬᠠᠳᠠᠭᠠᠯᠠᠵᠤ᠂ ᠨᠡᠭᠦᠵᠦ ᠪᠠᠭᠤᠬᠤ ᠪᠣᠶᠤ ᠭᠠᠳᠠᠭᠰᠢ ᠶᠠᠪᠤᠬᠤ ᠳᠤ ᠪᠠᠨ ᠲᠡᠷᠭᠡ ᠪᠠᠨ ᠬᠦᠯᠢᠵᠦ ᠶᠠᠪᠤᠳᠠᠭ᠃ ᠲᠡᠷᠬᠡᠨ ᠪᠦᠷᠢᠶᠡᠰᠤ ᠶᠢ ᠮᠤᠳᠤ ᠪᠤᠶᠤ ᠲᠡᠮᠦᠷ᠂ ᠢᠰᠡᠭᠡᠢ ᠪᠠᠷ ᠤᠷᠳᠦ ᠲᠦᠷᠪᠡᠯᠵᠢᠨ ᠬᠡᠯᠪᠡᠷᠢ ᠲᠠᠢ ᠬᠠᠵᠠᠭᠤ ᠲᠠᠯ᠎ᠠ ᠳᠤᠨᠢ ᠵᠢᠵᠢᠭ ᠡᠭᠦᠳᠡ ᠲᠠᠢ ᠠᠪᠳᠠᠷ᠎ᠠ ᠮᠠᠶ᠋ᠢᠭᠳᠠᠢ ᠬᠢᠵᠦ ᠨᠢᠮᠬᠡᠨ ᠴᠠᠭᠠᠨ ᠲᠡᠮᠦᠷ ᠢᠶᠠᠷ ᠪᠠᠬᠢᠯᠡᠬᠦ ᠡᠰᠡᠭᠦᠯ᠎ᠠ ᠦᠭᠡᠷ ᠤᠨ ᠠᠷᠠᠰᠣ ᠪᠠᠷ ᠪᠦᠳᠡᠭᠡᠵᠤ ᠰᠠᠯᠬᠢ᠂ ᠤᠰᠣ᠂ ᠴᠢᠭᠢᠭ ᠠᠴᠠ ᠰᠡᠷᠭᠡᠶᠢᠯᠡᠳᠡᠭ ᠮᠠᠯᠴᠢᠳ ᠤᠨ ︽ᠨᠡᠭᠦᠳᠡᠯ ᠬᠦᠮᠦᠷᠭᠡ︾ ᠪᠣᠯᠣᠨ᠎ᠠ᠃      ᠭᠤᠷᠪᠠ᠂ ᠤᠰᠣ ᠳᠡᠭᠡᠭᠡᠬᠦ ᠲᠡᠷᠬᠡ᠄ ᠮᠠᠯᠴᠢᠳ ᠣᠳᠤᠷᠯᠠᠨ ᠮᠠᠯᠵᠢᠬᠤ ᠳᠤ ᠪᠠᠨ ᠤᠰᠣ ᠴᠢᠬᠢᠭ ᠠᠴᠠ ᠰᠡᠷᠬᠡᠶᠢᠯᠡᠨ ᠤᠯᠠᠩᠬᠢ ᠳᠤ ᠪᠠᠨ ᠠᠭᠤᠯᠠᠨ ᠬᠢᠷ᠎ᠠ ᠦᠨᠳᠦᠷ ᠭᠠᠵᠠᠷ ᠢᠶᠠᠷ ᠮᠣᠩᠭᠤᠯ ᠭᠡᠷ ᠢᠶᠠᠨ ᠪᠠᠷᠢᠳᠠᠭ᠂ ᠡᠶᠢᠮᠦ ᠠᠴᠠ ᠢᠳᠡᠬᠦ ᠤᠰᠣ ᠪᠠᠨ ᠨᠡᠯᠢᠶᠠᠳ ᠬᠤᠯᠠ ᠶᠢᠨ ᠭᠤᠣᠯ ᠭᠤᠷᠤᠬ᠎ᠠ ᠠᠴᠠ ᠵᠦᠭᠡᠭᠡᠪᠦᠷᠢᠯᠡᠳᠡᠭ ᠤᠴᠢᠷ ᠳᠣᠰᠬᠠᠢ ᠤᠰᠣ ᠳᠡᠭᠡᠭᠡᠭᠦ ᠲᠡᠷᠭᠡ ᠪᠡᠯᠡᠳᠬᠡᠳᠡᠭ᠃ ᠬᠠᠭᠤᠴᠢᠨ ᠤ ᠦᠶ᠎ᠠ ᠳᠤ ᠤᠰᠣ ᠳᠡᠭᠡᠭᠡᠬᠦ ᠲᠡᠷᠬᠡᠨ ᠳᠡᠭᠡᠷ᠎ᠠ ᠪᠠᠨ ᠦᠬᠡᠷ ᠤᠨ ᠠᠷᠠᠰᠣᠨ ᠤᠭᠤᠳᠠ ᠪᠣᠶᠣ ᠮᠣᠳᠣᠨ ᠰᠠᠭᠤᠯᠭ᠎ᠠ ᠤᠭᠰᠠᠷᠠᠵᠣ᠂ ᠡᠮᠡᠭᠳᠡᠶᠢᠴᠦᠳ ᠪᠣᠶᠣ ᠬᠡᠦᠬᠡᠳ ᠲᠡᠷᠬᠡ ᠪᠠᠨ ᠬᠦᠯᠢᠵᠦ ᠭᠤᠣᠯ ᠭᠤᠷᠤᠭ᠎ᠠ ᠠᠴᠠ ᠤᠰᠣ ᠵᠦᠭᠡᠭᠡᠳᠡᠭ᠃
 
ᠢᠷᠡᠯᠲᠡ᠄ ᠤᠯᠠᠭᠠᠨᠬᠠᠳᠠ ᠬᠤᠲᠠ ᠶᠢᠨ ᠵᠠᠰᠠᠭ ᠤᠨ ᠣᠷᠲᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号